ᠠᠷᠪᠠᠨ ᠨᠢ᠋ᠮᠠᠨ ᠨᠠᠰᠤ

ᠠᠯᠳᠠᠨ ᠨᠠᠷᠠᠨ ᠤ

ᠳᠤᠶᠠᠭ᠎ᠠ ᠰᠠᠴᠤᠷᠠᠭᠰᠠᠨ ᠭᠢᠯᠪᠠᠭ᠎ᠠ

ᠠᠯᠳᠠᠨ ᠵᠤᠯᠠ ᠶᠢᠨ

ᠰᠢᠵᠢᠷᠯᠠᠨ ᠭᠡᠷᠡᠯᠳᠦᠭᠦ ᠭᠡᠭᠡ

ᠠᠮᠢᠳᠤᠷᠠᠯ ᠣᠢ᠌ᠯᠠᠰ ᠤᠨ

ᠬᠠᠷᠭᠤᠢ ᠳᠤ ᠪᠠᠳᠠᠷᠠᠭᠰᠠᠨ ᠣᠮᠤᠭ

ᠠᠮᠢᠯᠠᠯ ᠪᠠᠯᠭᠡ ᠶᠢᠨ

ᠭᠦᠪᠦᠷᠡᠨ ᠴᠡᠴᠡᠭᠯᠡᠭ᠍ᠰᠡᠨ ᠬᠠᠪᠣᠷ

ᠣᠴᠢᠯᠠᠭᠰᠠᠨ ᠭᠠᠯ ᠤᠨ ᠴᠤᠭ ᠳᠠᠢ

ᠣᠶᠠᠩᠭ᠋ᠠᠨ ᠰᠤᠷᠭᠤᠭ ᠠᠮᠢᠰᠬᠤᠯ ᠲᠡᠶ

ᠠᠷᠪᠠᠨ ᠨᠢ᠋ᠮᠠᠨ ᠨᠠᠰᠤ ᠡ


ᠠᠢ᠌ᠰᠤᠢ ᠢᠷᠡᠭᠡᠳᠦᠢ ᠳ᠋ᠤ

ᠭᠦᠰᠡᠯ ᠣᠷᠭᠤᠭᠰᠠᠨ ᠡᠷᠢᠯᠭᠢᠯᠡᠯ

ᠠᠢ᠌ᠯ ᠤᠨ ᠭᠡᠦᠭᠡᠡᠴᠦᠦᠯ ᠳ᠋ᠤ

ᠳᠤᠷᠠᠯᠠᠯ ᠳᠦᠷᠡᠯᠵᠡᠭ᠍ᠰᠡᠨ ᠢᠨᠠᠭ

ᠠᠪᠣ ᠶᠢᠨ ᠨᠤᠳᠤᠭ ᠳᠤ

ᠬᠠᠢ᠌ᠷ᠎ᠠ ᠡᠭᠦᠰᠦᠭ᠍ᠰᠡᠨ ᠰᠠᠷᠠᠯ

ᠠᠴᠢ ᠶᠢᠨ ᠬᠠᠷᠢᠭᠤ ᠳ᠋ᠤ

ᠦᠷᠢ ᠳᠦᠯᠦᠭ᠍ᠰᠡᠨ ᠡᠭᠢᠯᠡᠯ

ᠣᠴᠢᠯᠠᠭᠰᠠ ᠭᠠᠯ ᠤᠨ ᠴᠤᠭ ᠲᠡᠶ

ᠣᠶᠠᠩᠭ᠋ᠠᠨ ᠰᠤᠷᠭᠤᠭ ᠠᠮᠢᠰᠬᠤᠯ ᠳᠠᠢ

ᠠᠷᠪᠠᠨ ᠨᠢ᠋ᠮᠠᠨ ᠨᠠᠰᠤ ᠡ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠴᠤᠭ ᠺᠤᠮᠫᠢᠦ᠋ᠲ᠋ᠧᠷ

ᠵᠤᠬᠢᠶᠠᠭᠴᠢ᠄ ᠴᠤᠭᠪᠠᠳᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1575
ᠴᠠᠭ᠄ 2009 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ