ᠣᠯᠠᠨ ᠶᠠᠭᠤᠮᠠᠰ ᠥᠵᠡᠳᠡᠭ᠌ ᠴᠠᠭ

ᠠᠪᠣ ᠶᠢᠨ ᠴᠢᠨᠢ ᠵᠢᠩᠰᠠ ᠶᠢ ᠦᠵᠡᠨ᠎ᠡ

ᠠᠪᠠᠬᠠᠢ ᠶᠢᠨ ᠴᠢᠨᠢ ᠵᠢᠰᠤ ᠶᠢ ᠦᠵᠡᠨ᠎ᠡ

ᠠᠯᠠᠭᠠᠨ ᠳ᠋ᠠᠭᠢ ᠵᠤᠭᠤᠰ ᠢ ᠴᠢᠨᠢ ᠦᠵᠡᠨ᠎ᠡ

ᠠᠷᠤᠨ ᠳ᠋ᠠᠭᠢ ᠳᠦᠰᠢᠯᠭᠡ ᠶᠢ ᠴᠢᠨᠢ ᠦᠵᠡᠨ᠎ᠡ


ᠬᠤᠭᠤᠯᠠᠨ ᠤ ᠴᠢᠨᠢ ᠠᠮᠳᠠ ᠶᠢ ᠦᠵᠡᠨ᠎ᠡ

ᠬᠤᠨᠢᠨ ᠤ ᠴᠢᠨᠢ ᠳᠠᠷᠭᠤᠨ ᠢ ᠦᠵᠡᠨ᠎ᠡ

ᠬᠤᠭᠤᠯᠠᠢ ᠶᠢᠨ ᠴᠢᠨᠢ ᠴᠡᠭᠡᠯᠭᠡᠨ ᠢ ᠦᠵᠡᠨ᠎ᠡ

ᠬᠤᠠᠳᠤᠯᠠᠢ ᠶᠢᠨ ᠴᠢᠨᠢ ᠵᠥᠭᠡᠯᠡᠨ ᠢ ᠦᠵᠡᠨ᠎ᠡ


ᠳᠡᠭᠡᠵᠢ ᠶᠢᠨ ᠴᠢᠨᠢ ᠦᠨ᠎ᠡ ᠶᠢ ᠦᠵᠡᠨ᠎ᠡ

ᠳᠠᠪᠳᠠᠷ ᠤᠨ ᠴᠢᠨᠢ ᠦᠨᠳᠦᠷ ᠢ ᠦᠵᠡᠨ᠎ᠡ

ᠳᠠᠪᠠᠯ ᠤᠨ ᠴᠢᠨᠢ ᠥᠩᠭᠡ ᠶᠢ ᠦᠵᠡᠨ᠎ᠡ

ᠳᠠᠷ᠎ᠠ ᠳᠡᠭᠡᠷᠡᠭᠢ ᠳᠤᠷ᠎ᠠ ᠶᠢ ᠴᠢᠨᠢ ᠪᠠᠰᠠ ᠦᠵᠡᠨ᠎ᠡ


ᠵᠤᠬᠢᠶᠠᠭᠴᠢ ᠶᠢᠨ ᠬᠠᠶ‍ᠢᠭ᠄ ᠣᠷᠳᠤᠰ ᠬᠤᠳᠠ ᠶᠢᠨ ᠣᠳᠤᠭ ᠬᠤᠰᠢᠭᠤᠨ ᠤ ᠬᠤᠳᠠ ᠶᠢᠨ ᠪᠦᠳᠦᠭᠡᠨ ᠪᠠᠢ᠌ᠭᠤᠯᠤᠯᠳᠠ ᠶᠢᠨ ᠳᠤᠪᠴᠢᠶ᠎ᠠ

ᠵᠤᠬᠢᠶᠠᠭᠴᠢ᠄ ᠡᠯᠪᠠᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2010 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ