ᠢᠷᠠᠯ᠎ᠠ ᠪᠢ ︕

ᠳᠠᠯ᠎ᠠ ᠶᠢᠨ ᠴᠠᠭᠠᠨ ᠢᠰᠡᠭᠡᠢ ᠭᠡᠷ ᠡᠴᠡ ᠪᠢ ᠢᠷᠠᠯ᠎ᠠ

ᠳᠠᠩᠭᠢᠰ ᠴᠢᠩᠭᠢᠰ ᠲᠡᠶ ᠳᠠᠪᠤᠨ ᠮᠠᠰᠠ ᠡᠴᠡ ᠢᠷᠠᠯ᠎ᠠ ᠪᠢ

ᠮᠤᠷᠢᠨ ᠳᠠᠯ ᠳᠡᠭᠡᠷ᠎ᠡ ᠠᠶᠤᠩᠭ᠋᠎ᠠ ᠴᠠᠭᠢᠯᠤᠭᠰᠠᠨ

ᠮᠤᠩᠭ᠋ᠤᠯ ᠬᠠᠢ᠌ᠷ᠎ᠠ ᠶᠢᠨ ᠡᠷ᠎ᠡ ᠮᠦᠰᠤᠨ ᠡᠴᠡ ᠪᠢ ᠢᠷᠠᠯ᠎ᠠ


ᠡᠮᠡᠭᠡᠯ ᠳᠡᠭᠡᠷ᠎ᠡ ᠡᠴᠡ ᠨᠠᠷᠠᠨ ᠴᠢᠯᠠᠭᠤ ᠰᠢᠭᠦᠷᠳᠡᠭ᠌

ᠮᠥᠷᠦᠭᠡᠳᠦᠯ ᠵᠤᠨ ᠤ ᠮᠤᠩᠭ᠋ᠤᠯ ᠤᠨ ᠳᠠᠯ᠎ᠠ ᠡᠴᠡ ᠪᠢ ᠢᠷᠠᠯ᠎ᠠ

ᠮᠥᠩᠭᠡ ᠭᠠᠯᠪᠠ ᠶᠢᠨ ᠳᠡᠯᠢᠭᠦᠨ ᠪᠣᠯᠳᠤᠭ ᠤᠨ ᠴᠢᠯᠠᠭᠤᠳ ᠶᠢᠡᠨ

ᠮᠤᠩᠭ᠋ᠤᠯ ᠪᠦᠰᠡᠭᠦᠢ ᠶᠢᠨ ᠰᠡᠳᠭᠢᠯ ᠵᠤᠨ ᠳᠠᠭᠠᠨ ᠬᠤᠷᠮᠣᠢ᠌ᠯᠠᠭᠰᠠᠨ

ᠮᠦᠷᠠᠨ ᠴᠢᠤᠠᠬᠤᠯᠠᠩ ᠤᠨ ᠬᠠᠢ᠌ᠷ᠎ᠠ ᠲᠡᠶ ᠣᠶᠠᠬᠠᠨ ᠳᠡᠭ᠍ᠷᠢ ᠶᠢᠨ

ᠮᠤᠷᠢ ᠲᠡᠶ ᠭᠡᠯᠡ ᠲᠡᠶ ᠮᠤᠩᠭ᠋ᠤᠯ ᠨᠠᠷ᠎ᠠ ᠪᠠᠷ ᠪᠢ ᠢᠷᠠᠯ᠎ᠠ


ᠳᠠᠯ᠎ᠠ ᠪᠠᠨ ᠡᠮᠵᠢᠭᠯᠡᠭᠦᠯᠦᠭ᠍ᠰᠡᠨ ᠡᠯᠡᠰᠤᠨ ᠤ ᠳᠤᠬᠠᠢ

ᠮᠠᠯ ᠶᠢᠡᠨ ᠬᠠᠰᠢᠶᠠᠯᠠᠭᠰᠠᠨ ᠭᠠᠤᠯᠢ ᠶᠢᠨ ᠳᠤᠬᠠᠢ

ᠳᠠᠮᠠᠭ᠎ᠠ ᠪᠠᠨ ᠰᠠᠵᠢᠯᠠᠭᠰᠠᠨ ᠡᠷᠭᠡ ᠶᠢᠨ ᠳᠤᠬᠠᠢ

ᠮᠠᠨ ᠶᠢᠡᠨ ᠭᠢᠵᠠᠭᠠᠷᠯᠠᠭᠰᠠᠨ ᠬᠠᠤᠯᠢ ᠶᠢᠨ ᠳᠤᠬᠠᠢ


ᠮᠤᠩᠭ᠋ᠤᠯ ᠡᠷ᠎ᠡ ᠶᠢᠨ ᠰᠦᠰᠦ ᠲᠡᠶ ᠨᠠᠷ᠎ᠠ

ᠮᠤᠩᠭ᠋ᠤᠯ ᠮᠦᠰᠤᠨ ᠤ ᠪᠣᠷᠤ ᠲᠡᠶ ᠨᠢᠳᠤ

ᠮᠤᠩᠭ᠋ᠤᠯ ᠭᠡᠯᠡᠨ ᠤ ᠢᠷ ᠲᠡᠶ ᠮᠦᠷ

ᠮᠤᠩᠭ᠋ᠤᠯ ᠰᠤᠶᠤᠯ ᠤᠨ ᠨᠠᠷᠠ ᠲᠡᠶ ᠭᠠᠷ

ᠮᠠᠨ ᠳᠤ ᠳᠤᠳᠠᠭᠳᠠᠨ᠎ᠠ

ᠮᠠᠨ ᠳᠤ ᠳᠤᠳᠠᠭᠳᠠᠨ᠎ᠠ᠁


ᠳᠤᠳᠠᠭᠤ ᠶᠢ ᠴᠢᠨᠢ ᠨᠥᠭᠦᠵᠤ ᠴᠢᠳᠠᠯ ᠦᠭᠡᠶ

ᠪᠢ ᠵᠤᠪᠠᠵᠤ ᠵᠢᠦᠡᠭᠦᠨᠡᠮ

ᠳᠤᠮᠳᠠᠭᠤᠷ ᠢ ᠴᠢᠨᠢ ᠳᠦᠭᠦᠷᠭᠡᠵᠤ ᠴᠢᠳᠠᠯ ᠦᠭᠡᠶ

ᠪᠢ ᠴᠥᠭᠦᠵᠤ ᠪᠠᠢ᠌ᠨᠠᠮ

ᠳᠡᠭ᠍ᠷᠢ ᠰᠢᠭ᠌ ᠠᠷᠠᠤᠨ ᠲᠦᠮᠡᠨ ᠮᠢᠨᠢ ︕

ᠳᠠᠪᠠᠷᠢ ᠰᠢᠭ᠌ ᠡᠷᠭᠡ ᠴᠢᠯᠦᠭᠡ ᠮᠢᠨᠢ ︕


ᠳᠠᠷᠠ ᠪᠦᠭᠦᠨ ᠤ ᠴᠢᠨᠢ ᠳᠦᠯᠦᠭᠡ

ᠳᠡᠷᠳᠡᠭᠡ ᠬᠤᠯᠠ ᠶᠢᠨ ᠠᠭᠤᠯᠠᠰ ᠤᠨ ᠣᠷᠣᠢ᠌ᠤᠨ

ᠳᠡᠩᠳᠡᠭᠦᠤ ᠣᠯᠠᠨ ᠥᠯᠢᠭᠡᠷ ᠶᠢᠡᠨ ᠡᠭᠢᠯᠡᠵᠤ ᠶᠠᠳᠠᠨ᠎ᠠ

ᠳᠠᠷᠠ ᠪᠦᠭᠦᠨ ᠤ ᠴᠢᠨᠢ ᠳᠦᠯᠦᠭᠡ

ᠳᠡᠷᠭᠡᠳᠡ ᠵᠤᠭᠰᠤᠭ᠎ᠠ ᠳᠡᠯᠡᠭᠡᠢ ᠣᠯᠠᠨ ᠠᠷᠠᠤᠨ ᠴᠢᠨᠢ

ᠳᠡᠷᠭᠡᠯ ᠰᠠᠷᠠᠨ ᠤ ᠮᠥᠩᠭᠡ ᠶᠢᠨ ᠵᠡᠭᠦᠳᠤ ᠪᠠᠨ ᠡᠭᠦᠷᠴᠤ ᠶᠠᠳᠠᠨ᠎ᠠ᠃


ᠥᠭᠡ ᠳᠠᠭᠤ ᠦᠭᠡᠶ ᠡᠭᠦᠯᠡᠨ ᠪᠣᠷᠤ ᠬᠠᠷᠴᠠᠭᠠᠢ ᠮᠢᠨᠢ ︕

ᠦᠭ‍ᠭᠦ ᠮᠥᠩᠭᠦ ᠦᠭᠡᠶ ᠦᠨᠢ ᠮᠥᠩᠭᠡ ᠶᠢᠨ ᠡᠯᠡᠰᠤ ᠮᠠᠩᠬᠠᠨ ᠨᠤᠳᠤᠭ ᠮᠢᠨᠢ ︕

ᠦᠨᠳᠦᠷ ᠠᠭᠤᠯᠠ ᠰᠢᠭ ᠠᠷᠤ ᠳᠤ ᠮᠢᠨᠢ ᠰᠥᠮᠪᠦᠷᠯᠡᠭ᠍ᠰᠡᠨ

ᠬᠠᠠᠴᠤᠢ ᠳᠠᠰᠤᠷᠬᠠᠢ ᠠᠷᠠᠤᠨ ᠲᠦᠮᠡᠨ ᠮᠢᠨᠢ ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠬᠠᠷᠢᠶ᠎ᠠ᠄ ᠰᠢᠯᠦᠭ
ᠳᠠᠷᠤᠮ᠄ 1795
ᠴᠠᠭ᠄ 2010 ᠤᠨ ᠤ 01 ᠰᠠᠷ᠎ᠠ ᠶᠢᠨ 12