ᠤᠬᠠᠭᠠᠷᠠᠵᠤ ᠠᠮᠢᠳᠤᠷᠠᠬᠤ ᠬᠤᠷᠸ᠎ᠠ
᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠᠩᠴᠢ ᠡᠷᠳᠡ ᠬᠠᠯᠢᠭᠰᠠᠨ ᠡᠵᠢ ᠶᠢᠨ ᠶᠢᠡᠨ ᠭᠡᠭᠡᠨ ᠰᠦᠨᠠᠰᠤᠨ ᠳᠤ ᠮᠦᠷᠭᠦᠶᠤ

ᠡᠨᠡ ᠬᠤᠷᠸ᠎ᠠ ᠳᠤ ᠡᠵᠢ ᠲᠡᠶ ᠰᠠᠢ᠌ᠬᠠᠨ᠃ ᠠᠯᠠᠭ ᠦᠷᠠᠰ ᠤᠨ ᠶᠢᠡᠨ ᠲᠦᠯᠦᠭᠡ ᠵᠠᠵᠢᠨ ᠤ ᠦᠰᠦ ᠪᠠᠨ ᠪᠣᠭᠤᠷᠤᠯᠳᠠᠳᠠᠯ᠎ᠠ ᠨᠠᠰᠤ ᠪᠠᠷ ᠶᠢᠡᠨ ᠵᠢᠳᠭᠦᠵᠤ᠂ ᠵᠤᠪᠠᠯ ᠵᠥᠳᠡᠭᠦᠷᠢ ᠶᠢ ᠬᠠᠠᠳᠠᠯ᠎ᠠ ᠪᠠᠨ ᠠᠮᠰᠠᠭᠰᠠᠨ ᠨᠠᠰᠤᠳᠠᠢ ᠡᠵᠢ ᠲᠡᠶ ᠪᠠᠨ ᠵᠢᠷᠭᠠᠵᠤ ᠠᠮᠢᠳᠤᠷᠠᠬᠤ ᠨᠠᠩ ᠰᠠᠢ᠌ᠬᠠᠨ᠃

ᠵᠤᠯᠠᠢ ᠵᠤᠯᠠᠢ ᠶᠢ ᠮᠢᠨᠢ ᠭᠢᠰᠭᠢᠭᠦᠯᠵᠤ ᠠᠬ᠎ᠠ ᠡᠭᠡᠴᠢ ᠳᠡᠭᠦᠤ ᠳᠤᠯᠤᠭᠠᠭᠤᠯᠠ ᠶᠢ ᠡᠨᠡ ᠶ‍ᠢᠷᠳᠢᠠᠴᠤ ᠳᠤ ᠳᠦᠷᠦᠭᠦᠯᠦᠭᠡᠳ ᠵᠠᠮ ᠵᠠᠮ ᠶᠢᠡᠷ ᠨᠢ ᠭᠦᠳᠦᠯᠵᠤ ᠵᠢᠷᠭᠠᠯ ᠢ ᠳᠠ ᠢᠪᠠᠭᠡᠭ᠍ᠰᠡᠨ ᠪᠢᠯᠠ᠃ ᠳᠦᠴᠢ ᠶᠢᠨ ᠳᠠᠪᠠᠭ᠎ᠠ ᠶᠢ ᠳᠦᠩᠭᠡᠵᠤ ᠳᠠᠪᠠᠭᠠᠤᠨ ᠠᠪᠣ ᠶᠢ ᠮᠢᠨᠢ ᠳᠠ ᠠᠯᠳᠠᠭᠰᠠᠨ ᠴᠤ ᠥᠡᠳᠡᠭᠡᠨ ᠳᠤᠯᠤᠭᠠᠨ ᠭᠠᠯᠠᠭᠤ ᠮᠢᠨᠢ ᠭᠡᠵᠤ ᠨᠢᠷᠤᠭᠤ ᠳᠦᠷᠢᠵᠤ ᠵᠤᠭᠰᠤᠭᠠᠤᠨ ᠠᠮᠢᠳᠤᠷᠠᠯ ᠤᠨ ᠳᠡᠭ᠍ᠷᠢ ᠶᠢ ᠳᠤᠯᠤᠭᠰᠠᠨ ᠠᠯᠤᠩᠭᠤᠸ᠎ᠠ ᠡᠭᠡ ᠰᠢᠭ᠌ ᠮᠤᠩᠭ᠋ᠤᠯ ᠡᠭᠡ ᠶᠢᠨ ᠬᠠᠳᠠᠭᠤ ᠰᠢᠠᠳᠠᠰᠤ ᠳᠠ ᠮᠢᠨᠢ ᠪᠠᠢ᠌ᠵᠤ ᠪᠢᠯᠠ᠃ ᠠᠪᠣ ᠦᠭᠡᠶ ᠬᠡᠦᠬᠡᠳ ᠴᠤ ᠠᠳᠠᠯᠢᠬᠠᠨ ᠭᠦᠮᠤᠨ ᠤ ᠵᠡᠷᠭᠡ ᠳᠤ ᠭᠦᠷᠳᠡᠭ᠌ ᠭᠡᠵᠤ ᠡᠵᠡᠨ ᠪᠣᠭᠳᠠ ᠴᠢᠩᠭᠢᠰ ᠳᠠᠮᠤᠵᠢᠨ ᠤ ᠥᠯᠢᠭᠡᠷ ᠡᠴᠡ ᠣᠯᠠᠨ ᠣᠯᠠᠨ ᠶᠠᠷᠢᠳᠠᠭ ᠴᠢᠨᠢ ᠳᠤᠯᠳᠤ ᠵᠢᠷᠦᠭᠡᠨ᠎ᠡ ᠬᠠᠳᠠᠩᠰᠢᠵᠤ ᠴᠢᠭᠢᠨ ᠰᠤᠨᠤᠷ ᠢ ᠮᠢᠨᠢ ᠳᠡᠯᠡᠳᠦᠭ᠍ᠰᠡᠭᠡᠷ ᠪᠦᠯᠦᠭᠡ᠃

ᠠᠷᠭ᠎ᠠ ᠦᠭᠡᠶ ᠨᠢᠯᠬ᠎ᠠ ᠦᠶ᠎ᠡ ᠶᠢᠨ ᠠᠷᠠᠤᠨ ᠤᠨ ᠪᠠᠭᠰᠢ ᠶᠢᠨ ᠠᠯᠪᠠ ᠲᠡᠶ ᠠᠪᠣ ᠶᠢᠨ ᠶᠢᠡᠨ ᠪᠣᠰᠤᠳ ᠲᠡᠶ ᠨᠢᠭᠤᠷ ᠣᠯᠠᠢ᠌ᠯᠴᠠᠯ ᠦᠭᠡᠶ᠂ ᠭᠦᠮᠤᠨ ᠳᠤ ᠬᠠᠷᠢᠶᠠᠭᠳᠠᠴᠢᠬᠠᠭᠠᠤᠨ ᠢᠨᠢᠪᠭᠢᠯᠠᠨ ᠪᠣᠰᠤᠭᠠᠤᠨ ᠶᠠᠪᠣᠴᠢᠬᠠᠳᠠᠭ ᠣᠬᠠᠭᠠᠠᠳᠤ ᠨᠤᠮᠤᠬᠠᠨ ᠠᠷᠠᠠᠰᠢᠨ ᠢ ᠨᠢ ᠳᠤᠷᠤᠢ ᠥᠭᠡᠡᠴᠡ ᠪᠠᠷ ᠠᠠᠳᠠᠭᠤᠷᠠᠴᠢᠬᠠᠭᠠᠤᠨ ᠪᠢ᠄ 《ᠠᠪᠣ ᠶᠢ ᠮᠢᠨᠢ ᠳᠤᠤᠷᠠᠰᠢᠶᠠᠭᠰᠠᠨ ᠬᠤᠷᠤᠰᠤᠯ ᠶᠢᠡᠨ ᠦᠰᠴᠦ ᠳᠤᠮᠤᠷᠠᠭᠰᠠᠨ ᠤ ᠳᠠᠷᠠᠭ᠎ᠠ ᠵᠠᠪᠠᠯ ᠠᠪᠣᠨ᠎ᠠ》 ᠭᠡᠵᠤ ᠣᠬᠠᠭᠠᠨ ᠳᠤ ᠪᠠᠨ ᠬᠠᠳᠠᠭᠤ ᠰᠡᠢ᠌ᠯᠦᠭᠡᠳ ᠭᠦᠮᠤᠨ ᠤ ᠬᠠᠵᠠᠭᠠᠢ ᠦᠵᠡᠯ ᠦᠭᠡᠶ ᠭᠡᠷᠡᠭᠦᠯ ᠵᠤᠳᠤᠭᠠᠨ ᠳᠤ ᠴᠠᠭᠠᠷᠠᠴᠢᠬᠠᠭᠠᠤᠨ ᠳᠠᠨ ᠢ ᠪᠠᠨ ᠭᠡᠴᠢᠨᠡᠭᠡᠨ ᠴᠤ ᠵᠤᠪᠠᠭᠠᠯ᠎ᠠ᠁

ᠦᠨᠡᠨ ᠢ ᠭᠡᠯᠡᠭᠦ ᠳᠤ ᠠᠪᠣ ᠮᠢᠨᠢ ᠳᠠᠢ᠌ᠮᠤ ᠡᠷᠳᠡ ᠶᠠᠪᠣᠮᠠᠷ ᠯᠠ ᠪᠢᠰᠢ᠃ ᠳᠡᠭᠡᠷ᠎ᠡ ᠵᠠᠭᠤᠨ ᠤ ᠨᠠᠶᠠᠭᠠᠤᠨ ᠣᠨ ᠤ ᠦᠶ᠎ᠡ ᠶᠢᠨ ᠠᠷᠠᠤᠨ ᠤᠨ ᠪᠠᠭᠰᠢ ᠶᠢᠨ ᠭᠡᠳᠦᠭᠡᠨ ᠵᠤᠭᠤᠰ ᠤᠨ ᠴᠠᠯᠢᠩ ᠶᠢᠡᠷ ᠦᠷᠤᠪ ᠴᠦᠷᠤᠪ ᠳᠤᠯᠤᠭᠠᠨ ᠬᠡᠦᠬᠡᠳ ᠢ ᠥᠰᠭᠡᠭᠡᠨ ᠭᠦᠮᠦᠵᠢᠭᠦᠯᠭᠦ ᠨᠢ ᠭᠢᠯᠪᠠᠷ ᠪᠢᠰᠢ ᠬᠣᠢ᠌ᠨ᠎ᠠ 《ᠠᠭᠤᠰᠭᠢᠨ ᠰᠦᠷᠢᠶ᠎ᠠ》 ᠶ᠋ᠢ ᠡᠳᠡᠭᠡᠷᠡᠭᠦᠯᠵᠤ ᠴᠢᠳᠠᠭ᠎ᠠ ᠦᠭᠡᠶ ᠠᠵᠢᠯ ᠤᠨ ᠪᠠᠢ᠌ᠷᠢ ᠳᠤ ᠪᠠᠨ ᠳᠦᠴᠢᠨ ᠨᠠᠢ᠌ᠮᠠᠳᠠᠢ᠌ᠬᠠᠨ ᠨᠢᠳᠤ ᠪᠠᠨ ᠠᠨᠢᠭᠰᠠᠨ ᠢ ᠶᠠᠭᠠᠭᠢᠯᠳᠠᠢ ᠪᠢᠯᠠ᠃ 《ᠦᠶ᠎ᠡ ᠴᠠᠭᠠᠨ ᠳᠤ ᠦᠷ᠎ᠡ ᠦᠭᠡᠶ᠂ ᠦᠨᠦᠴᠢᠨ ᠬᠡᠦᠬᠡᠳ ᠡᠯᠢᠭᠡ ᠥᠭᠡᠢ》 ᠭᠡᠮᠡᠨ ᠰᠤᠷᠤᠯᠭ᠎ᠠ ᠶᠢᠨ ᠨᠠᠢ᠌ᠵᠢᠰ ᠲᠠᠭᠠᠨ ᠳᠤᠷᠤᠮᠵᠢᠯᠠᠭᠤᠯᠤᠭᠠᠤᠨ ᠵᠤᠳᠤᠵᠤ ᠴᠤᠭᠢᠨ ᠰᠢᠷᠬᠠᠳᠤᠭᠤᠯᠤᠭᠠᠤᠨ ᠭᠡᠷ ᠤᠨ ᠭᠢᠨᠢ ᠳᠤᠮᠤᠴᠤᠤᠯ ᠳᠤ ᠡᠷᠢᠭ᠍ᠳᠡᠵᠤ 《ᠠᠪᠣ ᠦᠭᠡᠶ ᠬᠡᠦᠬᠡᠳ ᠠᠮᠠᠷᠬᠠᠨ ᠮᠠᠭᠤ ᠶᠢ ᠰᠤᠷᠳᠠᠭ ᠶ‍ᠦᠮ᠃ ᠭᠦᠤ ᠪᠠᠨ ᠰᠠᠢ᠌ᠨ ᠰᠤᠷᠭ᠎ᠠ᠁》 ᠭᠡᠵᠤ ᠬᠠᠷᠢᠶᠠᠯᠭᠠᠭᠠᠤᠨ ᠨᠢᠳᠤᠨ ᠳᠤ ᠪᠠᠨ ᠵᠠᠢ᠌ᠷ ᠲᠡᠶ ᠬᠤᠴᠤᠷᠳᠠᠭ ᠳᠠᠨ ᠢ ᠪᠠᠨ ᠭᠡᠴᠢᠨᠡᠨ ᠰᠦᠷᠡᠭᠡᠢ ᠳᠠᠮᠤᠯᠠᠵᠤ ᠶᠠᠪᠣᠯ᠎ᠠ᠁

ᠡᠷᠢᠶᠡᠨ ᠲᠡᠶ ᠪᠠᠷᠠᠭᠠᠨ ᠲᠡᠶ ᠠᠮᠢᠳᠤᠷᠠᠯ ᠤᠨ ᠳᠤᠭᠯᠠᠮ ᠤᠨ ᠬᠠᠳᠠᠭᠤ ᠶᠢ ᠳᠠᠭᠠᠭᠠᠯ ᠦᠭᠡᠶ ᠠᠷᠢᠭᠢ ᠭᠡᠳᠡᠭ᠌ ᠭᠠᠰᠢᠭᠤᠨ ᠣᠰᠤ ᠪᠠᠷ ᠪᠣᠭᠢᠨᠠᠳᠤᠯ ᠶᠢᠡᠨ ᠣᠭᠢᠶᠠᠵᠤ ᠶᠠᠪᠣᠬᠤ ᠳᠤ ᠪᠠᠨ ᠠᠯᠳᠠᠨ ᠰᠤᠷᠭᠠᠯ ᠢ ᠴᠢᠨᠢ ᠠᠪᠣᠯ ᠦᠭᠡᠶ ᠭᠡᠢ᠌ᠷᠭᠡᠵᠤ ᠳᠠᠨ ᠢ ᠪᠠᠨ ᠭᠡᠴᠢᠨᠡᠨ ᠴᠤ ᠰᠢᠨᠠᠯᠭᠠᠯ᠎ᠠ᠁

ᠳᠦᠴᠢ ᠳᠦᠭᠦᠭᠦ ᠶᠢᠨ ᠦᠶ᠎ᠡ ᠪᠠᠷ ᠰᠠ‍‌ᠶᠢ ᠡᠭᠦᠨ ᠢ ᠪᠠᠨ ᠣᠬᠠᠭᠠᠷᠠᠨ ᠳᠠᠨᠢᠭᠰᠠᠨ ᠴᠤ ᠠᠴᠢ ᠶᠢ ᠴᠢᠨᠢ ᠬᠠᠷᠢᠭᠤᠯᠵᠤ ᠠᠮᠵᠢᠭ᠎ᠠ ᠦᠭᠡᠶ ᠪᠠᠷ ᠳᠠ ᠮᠢᠨᠢ ᠥᠩᠭᠡᠳᠤ ᠶ‍ᠢᠷᠳᠢᠠᠴᠤ ᠶᠢᠨ ᠮᠥᠩᠭᠡ ᠪᠣᠰᠤ ᠶᠢ ᠥᠵᠡᠭᠦᠯᠦᠭ᠍ᠰᠡᠨ ᠨᠢ ᠶᠠᠭᠤ ᠪᠢᠯᠠ᠃ ᠣᠬᠠᠭᠠᠷᠠᠵᠤ ᠠᠮᠢᠳᠤᠷᠠᠬᠤ ᠬᠤᠷᠸ᠎ᠠ ᠶᠢᠨ ᠠᠭᠠᠭ ᠲᠡᠶ ᠳᠤᠰᠤ ᠲᠡᠶ ᠠᠶᠠᠨ ᠳᠤ ᠡᠩᠭᠦᠯ ᠲᠡᠶ ᠳᠤᠩᠬᠤᠯ ᠲᠡᠶ ᠵᠠᠮ ᠶᠢᠡᠷ ᠪᠦᠳᠦᠴᠢᠨ ᠪᠠᠢ᠌ᠵᠤ ᠳᠤᠮᠤᠭᠠᠵᠢᠭᠰᠠᠨ ᠮᠢᠨᠢ ᠳᠠᠩᠴᠢ ᠣᠷᠣᠢ᠌ᠳᠠᠵᠠᠢ᠁ ᠨᠠᠰᠤᠳᠠᠤᠨ ᠲᠡᠶ ᠠᠢ᠌ᠯ ᠤᠳ ᠢ ᠠᠳᠠᠭᠠᠷᠬᠠᠨ ᠬᠠᠷᠠᠵᠤ ᠶᠠᠪᠣᠬᠤ ᠳᠤ ᠪᠠᠨ ᠦᠷᠦᠭᠡ ᠭᠡᠷ ᠲᠤ ᠪᠠᠨ ᠣᠷᠤᠭᠰᠠᠭᠠᠷ ᠬᠠᠩᠬᠠᠭᠠᠷ ᠭᠦᠡᠳᠡᠢ ᠰᠠᠨᠠᠭᠳᠠᠵᠤ ᠳᠠᠨ ᠢ ᠪᠠᠨ ᠥᠭᠡᠢ᠌ᠯᠡᠭᠦ ᠨᠢ ᠭᠡᠴᠡᠭᠦᠤ ᠶᠤᠮ ᠡ ︕

ᠪᠠᠯᠴᠢᠷ ᠨᠢᠯᠬ᠎ᠠ ᠡᠴᠡ ᠵᠠᠮᠵᠢᠭᠰᠠᠨ ᠣᠭᠤᠷᠠᠭ ᠰᠤᠷᠭᠠᠯ ᠢ ᠴᠢᠨᠢ ᠳᠡᠭᠡᠳᠦᠯᠡᠨ ᠠᠵᠢᠯ ᠣᠢ᠌ᠯᠠᠰ ᠤᠨ ᠶᠢᠡᠨ ᠵᠥᠭᠯᠡᠭᠦᠷ ᠪᠣᠯᠭᠠᠵᠤ ᠶᠠᠪᠣᠶ᠎ᠠ ᠭᠡᠵᠤ ᠳᠠᠩᠭ᠋ᠠᠷᠢᠭᠯᠠᠨ ᠪᠠᠢ᠌ᠵᠤ ᠭᠡᠭᠡᠨ ᠰᠦᠨᠠᠰᠤᠨ ᠳᠤ ᠴᠢᠨᠢ ᠮᠦᠷᠭᠦᠶ᠎ᠡ ᠡᠵᠢ ᠡ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2871
ᠴᠠᠭ᠄ 2011 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ