ᠴᠤᠤᠳᠠᠯ ᠤᠨ ᠬᠤᠯᠠᠨ ᠤ ᠰᠢᠯᠦᠭ᠌ ᠡᠴᠡ

ᠴᠢᠮ᠎ᠠ ᠳᠤ ᠪᠢ ᠬᠠᠢ᠌ᠷ᠎ᠠ ᠳᠠᠢ


ᠣᠯᠠᠭᠤᠯᠠ ᠢᠨᠢᠶᠠᠵᠤ ᠠᠪᠬᠠᠭᠤᠯᠤᠭᠰᠠᠨ ᠭᠡᠷᠡᠯ ᠵᠢᠷᠤᠭ ᠤᠨ ᠳᠡᠭᠡᠷ᠎ᠡ

ᠣᠷᠢ ᠭᠠᠠᠴᠠᠭᠠᠷ ᠶᠢᠡᠨ ᠭᠤᠨᠢᠭᠳᠠᠢ ᠮᠠᠳᠤ ᠪᠠᠢ᠌ᠳᠠᠭ

ᠪᠦᠵᠢᠭ᠌ ᠤᠨ ᠳᠠᠯᠠᠪᠠᠢ ᠳᠤ ᠬᠤᠪᠣᠷᠬᠠᠨ ᠥᠵᠡᠭ᠍ᠳᠡᠵᠤ

ᠪᠦᠦᠳᠡᠭᠡᠷ ᠦᠳᠡᠰᠢ᠂ ᠰᠤᠮᠤᠨ ᠤ ᠳᠠᠠᠳᠠ ᠳᠠᠩᠳᠠ ᠪᠠᠨ ᠯᠠ ᠳᠠᠭᠠᠷᠠᠯᠳᠤᠳᠠᠭ

ᠴᠢᠮ᠎ᠠ ᠳᠤ ᠪᠢ ᠬᠠᠢ᠌ᠷ᠎ᠠ ᠲᠡᠶ

ᠠᠯᠢ ᠭᠡᠳᠥᠢ᠌ᠨ ᠳᠠᠰᠤᠯ ᠪᠣᠯᠤᠭᠰᠠᠨ

ᠴᠠᠭᠠᠨ ᠥᠩᠭᠡ ᠵᠢᠨ ᠴᠠᠮᠴᠠᠨ ᠳᠡᠭᠡᠷ᠎ᠡ

ᠠᠳᠠᠭᠯᠠᠭᠠᠤᠨ ᠵᠠᠩᠭᠢᠶ᠎ᠠ ᠵᠡᠭᠦᠳᠡᠭ᠌ ᠦᠭᠡᠶ ᠳᠤ ᠴᠢᠨᠢ

ᠴᠢᠮ᠎ᠠ ᠳᠤ ᠪᠢ ᠬᠠᠢ᠌ᠷ᠎ᠠ ᠲᠡᠶ

ᠠᠷᠤ ᠡᠴᠡ ᠨᠡᠭᠡᠯ ᠳᠠᠭᠠᠯ ᠪᠣᠯᠳᠠᠭ ᠦᠭᠡᠶ ᠳᠤ ᠴᠢᠨᠢ

ᠠᠩᠬᠠᠨ ᠡᠴᠡ ᠪᠠᠨ ᠶᠠᠷᠤ ᠨᠢ ᠨᠠᠮᠢ᠋ᠢ ᠲᠤᠭᠤᠳᠠᠭ ᠦᠭᠡᠶ ᠳᠤ ᠴᠢᠨᠢ

ᠪᠦᠷ ᠶᠡᠭᠡ ᠬᠠᠢ᠌ᠷ᠎ᠠ ᠳᠠᠢ


ᠴᠢᠮ᠎ᠠ ᠡᠴᠡ ᠣᠯᠤᠭᠰᠠᠨ


ᠦᠪᠡᠷ ᠢ ᠪᠠᠨ ᠪᠢ ᠴᠢᠮ᠎ᠠ ᠡᠴᠡ ᠣᠯᠤᠭᠰᠠᠨ

ᠥᠯᠦᠭᠡᠢ ᠪᠣᠯᠤᠭᠠᠤᠨ ᠵᠢᠪᠪᠦᠭᠦ ᠦᠨᠳᠦᠷ ᠠᠭᠤᠯᠠ ᠴᠢᠨᠢ ᠪᠠᠢ᠌ᠭᠰᠠᠨ

ᠦᠨᠳᠦᠷ ᠪᠣᠰᠤ ᠶᠢ ᠴᠢᠨᠢ ᠠᠯᠬᠤᠬᠤ ᠭᠡᠵᠤ

ᠦᠳᠦ ᠪᠣᠯᠤᠨ ᠬᠤᠷᠤᠬᠠᠢ ᠠᠯᠢ ᠠᠯᠢᠨ ᠢ ᠨᠢ ᠳᠠᠮᠵᠢᠭᠰᠠᠨ

ᠣᠨᠠᠬᠤ ᠭᠠᠵᠠᠷ ᠶᠢᠡᠨ ᠣᠯᠬᠤ ᠦᠭᠡᠶ ᠳᠡᠨᠦᠭ᠍ᠰᠡᠨ ᠨᠠᠮᠢ᠋ᠢ

ᠣᠢ᠌ᠯᠠᠬᠤ ᠳᠤ ᠮᠢᠨᠢ ᠳᠤᠰᠤᠭᠰᠠᠨ ᠡᠭᠡ ᠣᠷᠤᠨ ᠮᠢᠨᠢ ᠡ

ᠢᠵᠢᠢ ᠪᠠᠨ ᠪᠢ ᠴᠢᠮ᠎ᠠ ᠡᠴᠡ ᠣᠯᠤᠭᠰᠠᠨ

ᠢᠵᠢᠯ ᠦᠭᠡᠶ ᠳᠤᠷᠠᠢ᠌ᠬᠤ ᠭᠡᠵᠤ ᠵᠢᠰᠤ ᠶᠢ ᠨᠢ ᠦᠪᠴᠢᠵᠤ ᠳᠦᠷᠦᠭ᠍ᠰᠡᠨ

ᠳᠠᠭᠢᠠᠳᠠ ᠶᠠᠮᠠᠷ ᠴᠡᠭᠡᠵᠢᠨ ᠳᠤᠳᠤᠷ᠎ᠠ ᠡᠴᠡ ᠨᠢᠳᠦᠯᠭᠢᠯᠡᠭᠦ ᠪᠢᠰᠢ

ᠳᠠᠯᠢᠩᠪᠤᠨ ᠳᠠᠷᠯᠢᠩ ᠤᠨ ᠭᠢᠨᠢ ᠬᠤᠷᠮᠤᠢ ᠶᠢ ᠨᠤᠷᠭᠠᠵᠤ ᠣᠨᠠᠭᠰᠠᠨ

ᠰᠠᠢ᠌ᠬᠠᠨ ᠢᠵᠢᠢ ᠮᠢᠨᠢ ᠨᠠᠮᠢ᠋ᠢ ᠪᠠᠨ ᠡᠭᠦᠷᠴᠤ ᠠᠯᠬᠤᠬᠤ ᠳᠤ

ᠰᠠᠯᠭᠢ ᠴᠢᠨᠢ ᠭᠦᠷᠳᠡᠯ᠎ᠡ ᠭᠦᠡᠳᠡᠭ᠍ᠳᠡᠨ᠎ᠡ ᠭᠡᠵᠤ ᠭᠡᠢ᠌ᠴᠤ ᠣᠳᠤᠭᠰᠠᠨ

ᠢᠵᠢᠢ ᠶᠢᠨ ᠶᠢᠡᠨ ᠨᠢᠷᠤᠭᠤ ᠶᠢ ᠠᠮᠠᠷᠠᠭᠠᠵᠤ

ᠭᠦᠯ ᠳᠤ ᠣᠷᠤᠬᠤ ᠴᠠᠭ ᠲᠤ ᠮᠢᠨᠢ

ᠢᠪᠢᠵᠤ ᠣᠷᠭᠤᠭᠰᠠᠨ ᠡᠪᠠᠰᠤ ᠨᠢ ᠨᠠᠯᠠᠵᠤ ᠰᠥᠭᠦᠳᠦᠭ᠍ᠰᠡᠨ ᠡᠭᠡ ᠣᠷᠤᠨ ᠮᠢᠨᠢ

ᠢᠵᠢᠢ ᠪᠠᠨ ᠪᠢ ᠴᠢᠮ᠎ᠠ ᠡᠴᠡ ᠣᠯᠤᠭᠰᠠᠨ

ᠭᠤᠨᠢᠭ ᠦᠭᠡᠶ ᠵᠠᠯᠠᠭᠤ ᠨᠠᠰᠤ ᠪᠠᠨ ᠴᠢᠮ᠎ᠠ ᠡᠴᠡ ᠣᠯᠤᠭᠰᠠᠨ

ᠭᠠᠢ᠌ᠬᠠᠭᠤᠯᠵᠤ ᠪᠠᠰᠠ ᠭᠠᠢ᠌ᠬᠠᠵᠤ ᠥᠳᠡᠭ᠍ᠰᠡᠨ ᠣᠨ ᠵᠢᠯ ᠤᠳ

ᠦᠰᠦ ᠪᠠᠨ ᠵᠠᠳᠠᠯᠵᠤ ᠪᠦᠰᠡ ᠪᠠᠨ ᠳᠠᠢ᠌ᠯᠵᠤ

ᠰᠠᠷᠠ ᠶᠢ ᠡᠪᠦᠷᠳᠦᠯᠡᠵᠤ ᠬᠤᠨᠤᠬᠤ ᠳᠤ

ᠥᠷᠦᠪᠳᠦᠭ᠍ᠰᠡᠨ ᠪᠠᠢ᠌ᠯ ᠦᠭᠡᠶ

ᠦᠷ ᠶᠢᠡᠷ ᠵᠢᠭᠤᠳᠠᠭᠰᠠᠨ ᠪᠠᠢ᠌ᠭᠰᠠᠨ

ᠥᠯᠢᠭᠡᠷ ᠭᠡᠯᠡᠭᠦᠯᠳᠡᠭ᠌ ᠨᠠᠰᠤ ᠶᠢ ᠮᠢᠨᠢ ᠬᠠᠷᠠᠮ ᠦᠭᠡᠶ ᠦᠭ‍ᠭᠦᠭ᠍ᠰᠡᠨ ᠠᠳᠠᠯ᠎ᠠ

ᠦᠨᠡᠳᠠᠢ ᠴᠠᠭ ᠬᠤᠭᠤᠴᠠᠭ᠎ᠠ ᠪᠠᠨ ᠨᠠᠳᠠ ᠪᠠᠷ ᠡᠯᠡᠭᠡᠯᠭᠡᠭ᠍ᠰᠡᠨ ᠡᠭᠡ ᠣᠷᠤᠨ ᠮᠢᠨᠢ

ᠭᠤᠨᠢᠭ ᠦᠭᠡᠶ ᠵᠠᠯᠠᠭᠤ ᠨᠠᠰᠤ ᠪᠠᠨ ᠴᠢᠮ᠎ᠠ ᠡᠴᠡ ᠣᠯᠤᠭᠰᠠᠨ

ᠰᠠᠢ᠌ᠬᠠᠨ ᠠᠮᠠᠷᠠᠭ ᠶᠢᠡᠨ ᠪᠢ ᠴᠢᠮ᠎ᠠ ᠡᠴᠡ ᠣᠯᠤᠭᠰᠠᠨ

ᠰᠠᠷᠠᠳᠠᠢ ᠰᠦᠨᠢ ᠪᠠᠷ ᠬᠠᠨᠢ ᠭᠢᠵᠤ

ᠰᠠᠯᠭᠢ ᠪᠠᠷ ᠴᠢᠨᠢ ᠭᠦᠷᠳᠡᠯ᠎ᠡ ᠭᠤᠶᠤᠵᠤ ᠥᠰᠦᠭ᠍ᠰᠡᠨ

ᠭᠢᠯᠢ ᠪᠠᠨ ᠮᠠᠨᠠᠭᠤᠯᠬᠤ ᠭᠡᠵᠤ ᠳᠦᠷᠦᠭᠦᠯᠦᠭ᠍ᠰᠡᠨ ᠣᠯᠠᠨ ᠡᠷᠡᠰ ᠢ ᠴᠢᠨᠢ

ᠭᠡᠴᠦᠨᠡᠨ ᠢ ᠨᠢ ᠰᠢᠯᠦᠭ᠌ ᠶᠢᠡᠷ ᠣᠶᠠᠷᠠᠭᠤᠯᠵᠤ ᠦᠪᠡᠷ ᠢ ᠪᠠᠨ ᠮᠠᠨᠠᠭᠤᠯᠤᠯ᠎ᠠ

ᠪᠣᠯᠭᠢᠭᠰᠠᠨ ᠵᠢᠷᠦᠭᠡ ᠶᠢ ᠮᠢᠨᠢ ᠰᠢᠯᠭᠠᠬᠤ ᠭᠡᠵᠤ

ᠪᠣᠰᠤᠳ ᠤᠨ ᠠᠮᠠᠷᠠᠭ ᠤᠨ ᠥᠵᠡᠭᠦᠯᠤᠨ ᠳᠤᠬᠤᠷᠬᠠᠵᠤ

ᠪᠣᠯᠢᠶᠠᠯᠳᠤᠵᠤ ᠡᠷᠭᠡᠯᠡᠭᠦᠯᠦᠭ᠍ᠰᠡᠨ ᠠᠮᠠᠷᠠᠭ ᠶᠢᠡᠨ ᠴᠢᠮ᠎ᠠ ᠡᠴᠡ ᠣᠯᠤᠭᠰᠠᠨ ᠡᠭᠡ ᠣᠷᠤᠨ ᠮᠢᠨᠢ᠃

ᠡᠷᠭᠡ ᠳᠠᠩᠭᠢᠯ ᠦᠷ᠎ᠡ ᠪᠠᠨ ᠴᠢᠮ᠎ᠠ ᠡᠴᠡ ᠣᠯᠤᠭᠰᠠᠨ

ᠡᠷᠭᠡᠯᠡᠭᠦᠯᠭᠦ ᠭᠡᠵᠤ ᠳᠠᠭᠢᠨ ᠪᠢ ᠭᠡᠯᠡ ᠳᠤ ᠣᠷᠤᠭᠰᠠᠨ

ᠡᠢ᠌ᠮᠤ ᠮᠠᠭᠤᠬᠠᠢ ᠠᠮᠢᠳᠠᠨ ᠢ ᠮᠢᠨᠢ ᠭᠦᠯ ᠳᠤ ᠣᠷᠤᠭᠤᠯᠬᠤ ᠭᠡᠵᠤ

ᠶᠡᠭᠡ ᠦᠳᠡ ᠶᠢᠨ ᠨᠠᠷᠠᠨ ᠴᠢᠨᠢ ᠬᠠᠨ᠎ᠠ ᠶᠢᠨ ᠳᠤᠯᠤᠭᠠᠢ ᠳᠠᠮᠵᠢᠭᠰᠠᠨ

ᠬᠠᠮᠤᠭ ᠤᠨ ᠨᠠᠨᠳᠢᠨ ᠳᠠᠭᠤᠤ ᠶᠢ ᠦᠷ᠎ᠡ ᠶᠢᠨ ᠶᠢᠡᠨ ᠵᠤᠯᠠᠢ ᠳᠡᠭᠡᠷ᠎ᠡ ᠠᠶᠠᠯᠬᠤ ᠳ᠋ᠤᠨᠢ

ᠭᠦᠢ ᠳᠠᠷᠤᠭᠰᠠᠨ ᠭᠠᠵᠠᠷ ᠤᠨ ᠶᠢᠡᠨ ᠴᠢᠯᠠᠭᠤ ᠶᠢ ᠳᠡᠯᠭᠡᠭ᠍ᠰᠡᠨ

ᠢᠷᠡᠭ᠍ᠰᠡᠨ ᠪᠣᠯᠭᠠᠨ ᠢ ᠬᠤᠪᠢᠳᠠᠢ ᠳᠤ ᠳᠤᠭᠤᠯᠬᠤ ᠭᠡᠵᠤ

ᠢᠪᠠᠯᠦᠭ᠍ᠰᠡᠨ ᠶᠤᠮ ᠰᠢᠭ᠌ ᠯᠠ ᠠᠰᠬᠠᠷᠠᠭᠰᠠᠨ ᠪᠣᠷᠤᠭᠠᠨ ᠲᠡᠶ ᠡᠭᠡ ᠣᠷᠤᠨ ᠮᠢᠨᠢ

ᠡᠷᠭᠡ ᠳᠠᠩᠭᠢᠯ ᠦᠷ᠎ᠡ ᠪᠠᠨ ᠪᠢ ᠴᠢᠮ᠎ᠠ ᠡᠴᠡ ᠣᠯᠤᠭᠰᠠᠨ

ᠪᠣᠴᠠᠨ᠎ᠠ ᠪᠣᠴᠠᠨ᠎ᠠ ᠭᠡᠪᠠᠴᠤ ᠴᠢᠮ᠎ᠠ ᠶᠢ ᠪᠢ ᠠᠶᠤᠯᠭᠠᠬᠤ ᠦᠭᠡᠶ

ᠪᠣᠤᠷᠢᠨ ᠭᠦᠳᠡᠯᠪᠠᠴᠤ ᠨᠠᠳᠠ ᠪᠠᠷ ᠴᠢ ᠳᠤᠳᠠᠬᠤ ᠦᠭᠡᠶ

ᠪᠣᠰᠤᠳ ᠡᠴᠡ ᠭᠤᠶᠤᠬᠤ ᠦᠭᠡᠶ ᠥᠭᠦᠯ ᠢ ᠭᠦᠷᠳᠡᠯ᠎ᠡ ᠴᠢᠮ᠎ᠠ ᠡᠴᠡ ᠣᠯᠬᠤ ᠶᠢᠨ ᠴᠠᠭ ᠲᠤ

ᠪᠣᠷᠬᠠᠤᠨ ᠴᠢᠨᠢ ᠭᠦᠷᠳᠡᠯ᠎ᠡ ᠨᠠᠮᠢ᠋ᠢ ᠪᠣᠯᠢᠶᠠᠯᠳᠤᠨ᠎ᠠ ᠡᠭᠡ ᠣᠷᠤᠨ ᠮᠢᠨᠢ


ᠠᠪᠣ ᠳᠠᠭᠠᠨ


ᠰᠠᠢ᠌ᠬᠠᠨ ᠵᠠᠯᠠᠭᠤ ᠠᠪᠣ ᠶᠢᠨ ᠶᠢᠡᠨ ᠳᠡᠷᠢᠭᠦᠨ ᠳᠤ

ᠪᠣᠭᠤᠷᠤᠯ ᠣᠷᠤᠭᠰᠠᠨ ᠢ ᠠᠩᠬ᠎ᠠ ᠥᠵᠡᠭᠦ ᠳᠤ

ᠰᠠᠪᠠᠭ᠎ᠠ ᠦᠭᠡᠶ ᠳᠤᠮᠤᠭ᠎ᠠ ᠦᠭᠡᠶ ᠭᠡᠦᠭᠡᠤᠨ ᠨᠠᠰᠤ ᠪᠠᠨ ᠪᠢ

ᠳᠠᠷᠠ ᠵᠢᠯ ᠤᠨ ᠭᠢ ᠨᠢ ᠰᠢᠪᠠᠭᠤᠳ ᠲᠡᠶ ᠬᠠᠮᠳᠤ ᠪᠣᠴᠠᠭᠠᠭᠰᠠᠨ

ᠰᠠᠠᠴᠢᠭ ᠳᠤᠨᠢ ᠨᠡᠮᠡᠭ᠍ᠳᠡᠳᠡᠭ᠌ ᠰᠤᠷ ᠨᠢ

ᠳᠤᠭ᠎ᠠ ᠪᠠᠷ ᠵᠢᠷᠭᠠᠨ᠎ᠠ ᠳ᠋ᠠ ᠭᠡᠭᠦ ᠳᠤ

ᠰᠠᠨᠠᠭ᠎ᠠ ᠪᠠᠷ ᠳᠠᠩᠴᠢ ᠪᠣᠯᠳᠠᠭ ᠥᠭᠡᠢ ᠶ‍ᠦᠮ ᠠᠪᠣ ᠡ᠃

ᠪᠦᠤᠪᠠᠢ᠌ᠳᠠᠢ ᠬᠤᠩᠭ᠋ᠤᠷ ᠵᠢᠯ ᠤᠨ ᠮᠢᠨᠢ ᠳᠤᠬᠠᠢ ᠮᠠᠳᠠᠵᠤ ᠣᠯᠤᠨ᠎ᠠ

ᠪᠦᠳᠡᠩᠭᠡᠨ ᠭᠠᠷᠳᠠᠭ ᠵᠢᠷᠤᠭ ᠰᠢᠭ᠌ ᠰᠠᠨᠠᠭᠠᠳᠠᠢ ᠭᠢᠳᠡᠭ᠌ ᠠᠯᠳᠠᠭ᠎ᠠ ᠰᠢᠭ

ᠪᠦᠭᠦᠢᠯᠡ ᠤᠷᠴᠢᠯᠡᠩ ᠳᠤ ᠬᠠᠷᠢᠨ ᠠᠪᠣ ᠶᠢᠨ ᠮᠢᠨᠢ

ᠠᠴᠢ ᠭᠡᠵᠤ ᠳᠤᠭᠠᠯᠠᠳᠠᠭ ᠦᠭᠡᠶ

ᠪᠦᠭᠦᠳᠡ ᠶᠢᠨ ᠭᠢᠨᠢ ᠠᠪᠣ ᠶᠠᠮᠠᠷ

ᠮᠢᠨᠤ ᠠᠪᠣ ᠰᠢᠭ ᠪᠢᠰᠢ ᠳ᠋ᠠ

ᠠᠮᠳᠠᠳᠠᠢ ᠵᠥᠭᠡᠯᠡᠨ ᠬᠤᠶᠠᠷ ᠶᠢᠡᠷ ᠪᠠᠶᠠᠷᠯᠠᠭᠤᠯᠳᠠᠭ ᠮᠠᠭᠤ ᠡᠵᠢ ᠯᠠ ᠮᠢᠨᠢ

ᠠᠢ᠌ᠯ ᠤᠨ ᠳᠡᠪᠠᠭᠡᠴᠡ ᠰᠢᠭᠢᠷ ᠬᠠᠷᠠᠮᠯᠠᠵᠤ ᠰᠢᠷ᠎ᠠ ᠪᠠᠨ ᠪᠣᠯᠭᠤᠨ᠎ᠠ

ᠠᠪᠣ ᠮᠢᠨᠢ ᠳᠡᠭᠡᠭᠦ ᠦᠭᠡᠶ᠂

ᠠᠯᠠᠭ ᠴᠢᠯᠠᠭᠤ ᠭᠡᠭᠡᠷ᠎ᠡ ᠡᠴᠡ ᠬᠤᠷᠮᠣᠢ᠌ᠯᠠᠵᠤ ᠭᠦᠤ ᠳᠡᠭᠡᠨ ᠵᠢᠰᠦᠯᠡᠭᠦᠯᠳᠡᠭ᠌

ᠠᠯᠤᠰ ᠤᠨ ᠵᠠᠮ ᠳᠤ ᠠᠭᠤᠯᠠᠰ ᠤᠨ ᠨᠠᠷ᠎ᠠ ᠳᠤᠭᠳᠠᠭᠠᠯᠭᠠᠵᠤ ᠣᠬᠠᠭᠠᠨ ᠨᠠᠮᠠᠨ᠎ᠠ

ᠡᠭᠡᠳᠡᠷᠡᠡᠳᠤ ᠮᠢᠩᠭ᠋ᠠᠨ ᠬᠠᠷᠭᠤᠢ ᠳᠦᠷᠦᠭ᠍ᠰᠡᠨ ᠭᠡᠷ ᠡᠴᠡ ᠡᠭᠢᠯᠡᠵᠤ

ᠡᠮᠡᠭᠡᠯ ᠳᠡᠭᠡᠷ᠎ᠡ ᠪᠠᠨ ᠰᠤᠶᠤᠩᠪᠣ ᠲᠡᠶ

ᠣᠨᠠᠭᠠᠨ ᠭᠦᠯᠦᠭ᠌ ᠤᠨ ᠨᠢᠷᠤᠭᠤᠨ ᠡᠴᠡ ᠠᠤᠠᠬᠤᠵᠤ

ᠰᠠᠠᠰᠠᠷ ᠲᠤ ᠭᠦᠤ ᠨᠢ ᠨᠢᠰᠭᠦ ᠶᠤᠮ ᠰᠢᠭ ᠰᠠᠨᠠᠵᠤ

ᠡᠵᠢ ᠨᠡᠷ ᠰᠠᠴᠤᠯᠢ ᠪᠠᠨ ᠡᠷᠭᠦᠵᠤ ᠥᠯᠡᠳᠡᠳᠡᠭ᠌

ᠰᠠᠬᠠᠯ ᠳᠤ ᠣᠷᠤᠭᠠᠤᠨ ᠡᠷᠭᠢᠭᠦ ᠶᠤᠮ ᠰᠢᠭ ᠰᠠᠨᠠᠵᠤ

ᠠᠪᠣ ᠨᠡᠷ ᠳᠤᠬᠤ ᠶᠢ ᠨᠢ ᠭᠠᠭᠴᠠ ᠥᠨᠦᠷᠯᠡᠳᠡᠭ᠌

ᠠᠤᠠᠬᠤᠵᠤ ᠢᠵᠠᠢ ᠨᠡᠷ ᠡᠳᠦᠷᠵᠢᠨ ᠷᠢᠳᠢᠤ᠋ ᠰᠢᠭ ᠥᠭᠡᠯᠡᠨ᠎ᠡ᠃

ᠠᠮᠢᠳᠤᠷᠠᠯ ᠳᠤ ᠵᠥᠪᠭᠡᠨ ᠦᠨᠡᠨ ᠢ ᠭᠡᠯᠡᠭᠦ ᠭᠡᠵᠤ

ᠠᠪᠣ ᠨᠡᠷ ᠰᠤᠮᠤᠨ ᠤ ᠥᠵᠦᠭᠦᠷ ᠰᠢᠭ᠌ ᠬᠠᠶᠠ ᠳᠤᠤᠭᠠᠷᠤᠨ᠎ᠠ

ᠪᠠᠶ᠎ᠠ ᠡᠪᠠᠳᠦᠯ᠎ᠡ ᠭᠡᠵᠤ ᠡᠵᠢ ᠨᠡᠷ ᠭᠡᠦᠭᠡᠤᠨ ᠶᠢᠡᠨ ᠠᠷᠭ᠎ᠠ ᠦᠭᠡᠶ ᠨᠢᠭᠡ ᠠᠶᠤᠯᠭᠠᠳᠠᠭ

ᠪᠢᠳᠡᠭᠦᠭᠡᠨ ᠳᠤᠳᠤᠷ᠎ᠠ ᠡᠴᠡ ᠪᠠᠨ ᠨᠤᠷᠠᠵᠤ ᠠᠪᠣ ᠨᠡᠷ ᠴᠢᠮᠡᠭᠡ ᠥᠭᠡᠢ᠌ᠭᠡᠨ ᠥᠳᠡᠯᠡᠳᠡᠭ᠌

ᠥᠭᠦᠵᠤ ᠪᠣᠯᠬᠤ ᠦᠭᠡᠶ ᠳᠤᠰᠢᠶᠠᠯ ᠶᠢᠡᠨ ᠠᠪᠣᠭᠰᠠᠨ ᠴᠡᠷᠢᠭ᠌ ᠰᠢᠭ᠌

ᠦᠷ᠎ᠡ ᠨᠢ ᠭᠦᠯ ᠶᠢᠡᠨ ᠣᠯᠳᠠᠯ᠎ᠠ ᠡᠭᠡᠷᠢᠭᠦᠯ ᠰᠢᠭ᠌ ᠵᠢᠦᠡᠭᠦᠯᠡᠳᠡᠭ᠌

ᠠᠴᠢ ᠶᠢ ᠨᠢ ᠬᠠᠷᠢᠭᠤᠯᠤᠨ᠎ᠠ ᠭᠡᠵᠤ ᠣᠯᠠᠨ ᠵᠢᠯ ᠬᠤᠳᠠᠯ ᠶᠠᠷᠢᠯ᠎ᠠ

ᠠᠴᠢ ᠶᠢ ᠨᠢ ᠭᠠᠷᠭᠠᠵᠤ ᠥᠭ᠍ᠴᠢᠭᠡᠭᠡᠤᠨ ᠬᠠᠷᠢᠨ ᠨᠢᠭᠡ ᠭᠠᠪᠢᠶᠠᠳᠠᠨ ᠰᠢᠭ

ᠭᠠᠷ ᠶᠢᠡᠨ ᠡᠷᠭᠦᠵᠤ ᠳᠠᠢ᠌ᠰᠤᠨ ᠳᠠᠭᠠᠨ ᠥᠭᠡ ᠦᠭᠡᠶ ᠪᠠᠭᠤᠵᠤ ᠦᠭ‍ᠭᠦ ᠰᠢᠭ᠌

ᠭᠠᠷᠴᠠᠭ ᠦᠭᠡᠶ ᠳᠤᠮᠤ ᠠᠯᠠᠭ᠎ᠠ ᠪᠠᠨ ᠳᠡᠯᠭᠡᠵᠤ ᠳᠠ ᠳᠠᠳᠠᠨ ᠢ ᠪᠠᠨ ᠭᠦᠳᠡᠭᠡᠯᠡᠨ᠎ᠡ

ᠭᠠᠵᠠᠷ ᠳᠡᠯᠡᠭᠡᠢ ᠳᠤ ᠣᠶᠠᠭ᠎ᠠ ᠲᠡᠶ ᠡᠢ᠌ᠮᠤ ᠨᠠᠢ᠌ᠷᠠᠭᠴᠢ ᠪᠠᠢ᠌ᠳᠠᠯ᠎ᠠ ᠪᠠᠨ

ᠭᠠᠠᠵᠤᠭᠠᠳᠠᠭᠰᠠᠨ ᠭᠡᠳᠤᠨ ᠵᠢᠭᠡ ᠲᠡᠶ ᠪᠠᠨ ᠬᠠᠮᠳᠤ ᠭᠡᠳᠦᠡᠳᠡ ᠭᠦᠯ ᠳᠤ ᠣᠷᠤᠨ᠎ᠠ

ᠭᠠᠳᠠᠭ᠎ᠠ ᠨᠠᠪᠴᠢᠰ ᠡᠷᠭᠢᠵᠤ ᠣᠨ ᠵᠢᠯ

ᠪᠢᠳᠠᠨ ᠢ ᠣᠨᠠᠭᠰᠠᠨ ᠨᠠᠪᠴᠢ ᠰᠢᠭ ᠣᠷᠭᠢᠨ᠎ᠠ

ᠭᠠᠢ᠌ᠭᠤᠢ ᠳ᠋ᠠ ᠪᠢ ᠠᠪᠣ ᠶᠢ ᠪᠠᠨ ᠵᠢᠷᠠᠭᠠᠭᠠᠵᠤ ᠭᠡᠵᠤ ᠥᠨᠡᠭᠡ ᠪᠠᠨ ᠬᠠᠭᠤᠷᠤᠨ᠎ᠠ

ᠭᠠᠭᠴᠠᠬᠠᠨ ᠵᠢᠷᠦᠭᠡᠨ ᠤ ᠴᠢᠨᠢ ᠴᠤᠭᠢᠯᠳᠠ ᠨᠠᠮᠢ᠋ᠢ ᠵᠢᠮᠠᠯᠠᠨ ᠴᠤᠭᠢᠯᠠᠵᠤ

ᠭᠠᠵᠠᠷ ᠳᠡᠭᠡᠷ᠎ᠡ ᠠᠪᠣ ᠮᠢᠨᠢ ᠭᠦᠷᠳᠡᠯ᠎ᠡ ᠮᠥᠩᠭᠡ ᠪᠢᠰᠢ ᠶᠢ ᠰᠠᠨᠠᠭᠤᠯᠳᠠᠭ

ᠬᠠᠵᠠᠢ᠌ᠯᠭᠠᠵᠤ ᠪᠣᠯᠬᠤ ᠦᠭᠡᠶ ᠳᠢᠳᠢᠮ ᠰᠢᠭ

ᠨᠠᠷ᠎ᠠ ᠪᠠᠨ ᠳᠠᠨᠢ ᠪᠢ ᠣᠪᠣᠭᠯᠠᠭᠰᠠᠨ

ᠥᠷᠭᠡᠰᠦᠳᠤ ᠣᠷᠴᠢᠯᠠᠩ ᠳᠤ ᠭᠦᠤ ᠨᠢ ᠪᠦᠳᠦᠴᠢᠭᠡᠤᠨ

ᠣᠢ᠌ᠯᠠᠵᠤ ᠰᠠᠭᠤᠬᠤ ᠶᠢᠨ ᠴᠠᠭ ᠲᠠᠭᠠᠨ

ᠥᠯᠦᠭᠡᠢ ᠶᠢ ᠮᠢᠨᠢ ᠰᠡᠢ᠌ᠯᠦᠭ᠍ᠰᠡᠨ ᠠᠪᠣ ᠲᠡᠶ ᠪᠣᠯᠬᠤᠷ

ᠠᠮᠢᠳᠤ ᠶᠠᠪᠣᠵᠤ ᠴᠢᠳᠠᠳᠠᠭ ᠳ᠋ᠠ᠃


ᠠᠩᠬᠠᠨ ᠤ


ᠵᠢᠷᠦᠭᠡ ᠵᠥᠰᠦᠭ᠍ᠳᠡᠨ᠎ᠡ

ᠨᠢᠯᠪᠣᠰᠤ ᠪᠦᠮᠪᠦᠷᠢᠨ᠎ᠡ

ᠵᠥᠭᠡᠷ ᠦᠭᠡᠶ ᠴᠢ ᠢᠨᠢᠶᠡᠮᠰᠦᠭᠯᠡᠵᠤ ᠬᠠᠷᠠᠨ᠎ᠠ

ᠬᠠᠢ᠌ᠷᠠᠨ ᠶᠤᠮ ᠰᠢᠭ᠌

ᠢᠨᠢᠶᠡᠮᠰᠦᠭᠯᠡᠯ ᠳ᠋ᠤᠨᠢ ᠪᠢ ᠢᠳᠡᠭᠡᠭᠡᠤᠨ

ᠬᠠᠯᠠᠭᠤᠨ ᠴᠢᠰᠤ ᠪᠠᠨ ᠣᠷᠤᠰᠬᠠᠨ

ᠵᠢᠷᠦᠭᠡ ᠪᠠᠨ ᠭᠠᠷᠭᠠᠵᠤ ᠢᠷᠠᠨ᠎ᠠ

ᠳᠦᠯᠭᠡᠭᠡᠨ ᠬᠠᠷᠠᠴᠠ ᠶᠢ᠌ ᠴᠢᠨᠢ ᠰᠢᠷᠳᠡᠭᠦ ᠳᠡᠭᠡᠨ

ᠳᠤᠷᠠᠯᠠᠭᠰᠠᠨ ᠵᠢᠷᠦᠭᠡ ᠪᠠᠨ ᠪᠢ

ᠭᠠᠷ ᠲᠠᠭᠠᠨ ᠠᠤᠠᠬᠤᠨ ᠵᠤᠭᠰᠤᠭᠰᠠᠨ

ᠴᠢ ᠢᠨᠢᠶᠡᠭ᠍ᠰᠡᠨ

ᠴᠢᠮ᠎ᠠ ᠣᠷᠤᠭᠤ ᠳᠦᠭᠦᠨ ᠣᠴᠢᠬᠤ ᠪᠠᠷ

ᠨᠢᠭᠡ ᠬᠤᠶᠠᠷ ᠠᠯᠬᠤᠯᠠᠬᠤ ᠳᠤ

ᠴᠢᠩᠭ᠋᠎ᠠ ᠪᠠᠷ ᠠᠤᠠᠬᠤᠭᠰᠠᠨ ᠵᠢᠷᠦᠭᠡᠨ ᠡᠴᠡ ᠮᠢᠨᠢ

ᠨᠢᠭᠡ ᠬᠤᠶᠠᠷ ᠶᠢᠡᠷ ᠴᠢᠰᠤ ᠳᠤᠰᠤᠯᠠᠨ᠎ᠠ

ᠴᠠᠭᠠᠬᠠᠨ ᠳᠠᠰᠢᠠᠵᠠ ᠳᠤ ᠰᠢᠩᠭᠡᠭᠦ

ᠣᠯᠠᠭᠠᠨ ᠪᠣᠳᠤᠭ ᠤᠳ ᠢ

ᠴᠢᠮᠡᠭᠡ ᠦᠭᠡᠶ ᠰᠢᠷᠳᠡᠭ᠍ᠰᠡᠨ ᠴᠢ

ᠢᠨᠢᠶᠡᠭ᠍ᠰᠡᠨ ᠭᠡᠪ ᠶᠢᠡᠷ ᠶᠢᠡᠨ ᠯᠠ

ᠨᠢᠭᠡ ᠬᠤᠶᠠᠷ᠁ ᠠᠭᠢᠭᠠᠤᠨ ᠨᠢᠭᠡ ᠬᠤᠶᠠᠷ᠁

ᠬᠠᠷᠠᠩᠭ᠋ᠣᠢ᠌ᠯᠠᠨ ᠨᠢᠳᠤ ᠮᠢᠨᠢ ᠪᠦᠷᠳᠦᠯᠵᠡᠭᠡᠤᠨ

ᠬᠤᠷᠴᠠ ᠭᠡᠷᠡᠯ ᠣᠷᠤᠭᠤ ᠪᠢ ᠳᠠᠯᠳᠠᠴᠢᠨ ᠠᠯᠬᠤᠯ᠎ᠠ

ᠬᠠᠷᠢᠨ ᠳᠡᠭᠡᠭᠦ ᠳᠤ ᠯᠠ ᠴᠢ

ᠬᠠᠯᠠᠭᠤᠨ ᠨᠢᠯᠪᠣᠰᠤ ᠣᠨᠠᠭᠠᠭᠰᠠᠨ

ᠬᠤᠷᠸ᠎ᠠ ᠳᠤ ᠬᠠᠮᠤᠭ ᠤᠨ ᠠᠩᠬᠠᠨ ᠤ ᠨᠢᠯᠪᠣᠰᠤ ᠴᠢᠨᠢ

ᠳᠠᠷᠠ ᠯᠠ ᠪᠠᠢ᠌ᠭᠰᠠᠨ᠁


ᠴᠢ ᠯᠠ ᠪᠢᠳᠡᠭᠡᠢ


ᠲᠤᠩ ᠲᠤᠩ ᠭᠡᠤᠨ ᠭᠦᠭ᠌ ᠣᠷᠤᠳᠠᠭ ᠥᠭᠡᠢ ᠶᠡᠳᠦᠭ᠎ᠠ ᠰᠢᠭ

ᠳᠤᠭᠳᠤᠯᠬᠤ ᠪᠠᠨ ᠪᠣᠯᠢᠭᠰᠠᠨ᠂ ᠡᠨᠡ ᠮᠠᠭᠤ ᠰᠠᠤᠠᠭᠢᠯ

ᠣᠶᠠᠩᠭ᠋᠎ᠠ ᠲᠡᠶ ᠰᠠᠢ᠌ᠬᠠᠨ ᠥᠭᠡ

ᠬᠠᠢ᠌ᠷ᠎ᠠ ᠶᠢᠨ ᠬᠠᠷᠠᠴᠠ᠂ ᠬᠠᠯᠠᠭᠤᠨ ᠠᠮᠢᠰᠬᠤᠭᠠᠨ ᠳᠤ

ᠣᠶᠠᠷᠠᠬᠤ ᠪᠠᠨ ᠪᠣᠯᠢᠭᠰᠠᠨ ᠵᠠᠯᠠᠭᠤ ᠮᠢᠨᠢ

ᠨᠠᠮᠢ᠋ᠢ ᠪᠣᠤ ᠵᠤᠪᠠᠭ᠎ᠠ

ᠭᠡᠢ᠌ᠰᠦᠭᠡᠤᠨ ᠯᠠ ᠪᠠᠢ᠌ᠭᠰᠠᠨ᠂

ᠨᠢᠰᠦᠭᠡᠤᠨ ᠯᠠ ᠪᠠᠢ᠌ᠭᠰᠠᠨ

ᠳᠠᠷᠠ ᠨᠠᠮᠤᠷ ᠤᠨ ᠨᠠᠪᠴᠢ

ᠭᠢᠭᠢᠯᠢ ᠶᠢᠨ ᠡᠭᠡᠰᠢᠭ᠌ ᠴᠤᠷᠭᠢᠷᠠᠬᠤ ᠰᠢᠭ᠌

ᠪᠢ ᠣᠢ᠌ᠯᠠᠳᠠᠭ ᠯᠠ ᠪᠠᠢ᠌ᠭᠰᠠᠨ

ᠳᠤᠯᠤᠭᠠᠢ ᠥᠡᠳᠡᠢ᠌ᠯᠭᠡᠵᠤ ᠳᠠᠷᠠᠭ᠎ᠠ ᠨᠢ ᠠᠭᠤᠵᠢᠷᠠᠨ ᠪᠣᠳᠤᠭᠠᠤᠨ

ᠳᠤᠭᠤᠬᠤ ᠪᠠᠨ ᠪᠣᠯᠢᠭᠰᠠᠨ

ᠳᠤᠷᠠᠯᠠᠯ ᠬᠠᠢ᠌ᠷ᠎ᠠ ᠭᠡᠳᠡᠭ᠌ ᠢ ᠴᠢᠨᠢ

ᠭᠦᠳᠡᠯᠭᠦ ᠪᠠᠨ ᠪᠣᠯᠢᠭᠰᠠᠨ

ᠡᠨᠡ ᠮᠠᠭᠤ ᠰᠠᠤᠠᠭᠢᠯ

ᠭᠦᠭᠡᠷᠦᠭᠦᠢ ᠮᠢᠨᠢ ᠶᠠᠭᠤ ᠪᠠᠷ ᠬᠠᠭᠤᠷᠳᠠᠭ ᠪᠢᠯᠠ

ᠭᠦᠡᠳᠡᠯᠢᠰᠴᠤ ᠵᠠᠮ ᠳᠡᠭᠡᠷ᠎ᠡ ᠪᠢᠳᠡᠭᠡᠢ ᠭᠦᠯᠢᠶᠡ

ᠭᠦᠰᠡᠷ ᠬᠠᠶᠠᠭᠰᠠᠨ ᠪᠢ᠂ ᠵᠠᠯᠠᠭᠤ ᠨᠠᠰᠤ ᠪᠠᠨ

ᠪᠢᠳᠡᠭᠡᠢ ᠳᠡᠭᠡᠭᠡᠷᠡᠢ᠃


ᠣᠯᠠᠷᠢᠯ ᠤᠨ ᠠᠮᠠᠷᠠᠭ


ᠰᠠᠯᠤᠶ᠎ᠠ ᠭᠡᠵᠤ ᠰᠠᠯᠤᠭ᠎ᠠ ᠦᠭᠡᠶ ᠪᠠᠢ᠌ᠯ ᠦᠭᠡᠶ ᠳᠠᠷᠠ ᠮᠢᠨᠢ

ᠰᠠᠭᠢᠯᠭ᠎ᠠ ᠦᠭᠡᠶ ᠴᠠᠭᠠᠨ ᠪᠣᠷᠤᠭ᠎ᠠ ᠶᠤᠮ ᠭᠡᠤᠨ

ᠴᠢ ᠰᠢᠪᠠᠨᠡᠭ᠍ᠰᠡᠨ ᠶᠤᠮ

ᠰᠠᠷᠠᠨ ᠤ ᠳᠤᠤᠷ᠎ᠠ ᠣᠠᠳᠠᠭ᠎ᠠ ᠭᠤᠶᠤ ᠭᠡᠦᠭᠡᠨ ᠪᠠᠢ᠌ᠳᠠᠭ

ᠰᠠᠭᠠᠳᠠᠯ ᠦᠭᠡᠶ ᠣᠴᠢᠬᠤ ᠭᠡᠤᠨ ᠪᠠᠢ᠌ᠬᠤᠯᠠᠷ ᠨᠢ

ᠨᠠᠮᠢ᠋ᠢ ᠪᠠᠨ ᠭᠤᠯᠤᠭᠰᠠᠨ ᠪᠠᠢ᠌ᠯ ᠦᠭᠡᠶ

ᠬᠤᠯᠠᠳᠠᠶ᠎ᠠ ᠭᠡᠵᠤ ᠬᠤᠯᠠᠳᠠᠭ᠎ᠠ ᠦᠭᠡᠶ ᠪᠠᠢ᠌ᠯ ᠦᠭᠡᠶ ᠳᠠᠷᠠ ᠮᠢᠨᠢ

ᠬᠤᠩᠭ᠋ᠤᠷᠬᠠᠨ ᠰᠠᠯᠭᠢ ᠨᠢ ᠭᠦᠯ ᠳ᠋ᠤᠨᠢ ᠣᠷᠢᠶᠠᠯᠳᠤᠭᠠᠤᠨ

ᠬᠤᠷᠸ᠎ᠠ ᠳᠤ ᠥᠭᠡᠷ᠎ᠡ ᠭᠤᠶᠤ ᠭᠡᠦᠭᠡᠨ ᠪᠠᠢ᠌ᠳᠠᠭ ᠭᠡᠵᠤ

ᠬᠤᠪᠯᠠᠨ ᠥᠭᠡ ᠵᠥᠭᠡᠭᠡᠤᠨ ᠪᠠᠢ᠌ᠬᠤᠯᠠᠷ ᠨᠢ

ᠨᠠᠮᠢ᠋ᠢ ᠪᠠᠨ ᠭᠤᠯᠤᠭᠰᠠᠨ ᠪᠠᠢ᠌ᠯ ᠦᠭᠡᠶ

ᠴᠠᠭᠠᠰᠢᠯᠠᠶ᠎ᠠ ᠭᠡᠵᠤ ᠴᠠᠭᠠᠰᠢᠯᠠᠭ᠎ᠠ ᠦᠭᠡᠶ ᠪᠠᠢ᠌ᠯ ᠦᠭᠡᠶ ᠳᠠᠷᠠ ᠮᠢᠨᠢ

ᠴᠠᠰᠤᠨ ᠤ ᠭᠡᠨᠡᠨ ᠪᠣᠳᠠᠷᠠᠭ᠎ᠠ ᠶᠤᠮ ᠭᠡᠤᠨ ᠴᠢ ᠭᠡᠷᠡᠯᠳᠦᠭ᠍ᠰᠡᠨ ᠶᠤᠮ

ᠴᠢᠷᠠᠢ᠌ᠯᠢᠭ ᠤᠨᠳᠦᠤ ᠭᠡᠦᠭᠡᠨ ᠪᠠᠢ᠌ᠳᠠᠭ

ᠴᠠᠭ ᠠᠯᠳᠠᠭ᠎ᠠ ᠦᠭᠡᠶ ᠣᠴᠢᠬᠤ ᠭᠡᠤᠨ ᠪᠠᠢ᠌ᠬᠤᠯᠠᠷ

ᠨᠠᠮᠢ᠋ᠢ ᠪᠠᠨ ᠭᠤᠯᠤᠭᠰᠠᠨ ᠪᠠᠢ᠌ᠯ ᠦᠭᠡᠶ

ᠰᠠᠯᠤᠶ᠎ᠠ ᠭᠢᠵᠤ ᠰᠠᠯᠤᠭ᠎ᠠ ᠦᠭᠡᠶ ᠪᠠᠢ᠌ᠯ ᠦᠭᠡᠶ ᠳᠠᠷᠠ ᠮᠢᠨᠢ

ᠰᠠᠯᠭᠢ᠂ ᠪᠣᠷᠤᠭ᠎ᠠ᠂ ᠴᠠᠰᠤᠨ ᠤ ᠴᠢᠯᠦᠭᠡᠨ ᠳᠤ ᠭᠡᠭᠡᠭ᠍ᠳᠡᠭᠡᠤᠨ ᠥᠯᠡᠳᠡᠭ᠍ᠰᠡᠨ ᠪᠠᠢ᠌ᠯ ᠦᠭᠡᠶ᠃


ᠠᠩᠬᠠᠨ ᠡᠴᠡ ᠪᠠᠨ ᠮᠢᠨᠤ ᠪᠢᠰᠢ ᠭᠦᠮᠤᠨ ᠤ ᠠᠮᠠᠷᠠᠭ


ᠠᠩᠬᠠᠨ ᠡᠴᠡ ᠪᠠᠨ ᠮᠢᠨᠤ ᠪᠢᠰᠢ ᠭᠦᠮᠤᠨ ᠤ ᠠᠮᠠᠷᠠᠭ

ᠠᠶᠤᠯᠭᠠᠬᠤ ᠶᠢ ᠮᠠᠳᠠᠨ᠎ᠠ᠂ ᠠᠷᠭᠠᠳᠠᠬᠤ ᠶᠢ ᠡᠰᠡ ᠮᠠᠳᠠᠨ᠎ᠠ

ᠠᠯᠳᠠᠨ ᠪᠦᠯᠡᠵᠢᠭ᠌ ᠤᠨ ᠰᠢᠭᠢᠦᠡᠭᠡ ᠮᠠᠳᠤ

ᠠᠩᠭᠢᠯᠤᠬᠠᠨ ᠰᠤᠪᠣᠤᠨ ᠨᠢᠯᠪᠣᠰᠤ ᠪᠠᠨ

ᠠᠪᠠᠯᠢ ᠭᠡᠷᠭᠡᠢ ᠶᠢᠨ ᠶᠢᠡᠨ ᠣᠶᠤᠭᠰᠠᠨ ᠳᠠᠪᠠᠯ ᠤᠨ ᠡᠩᠭᠡᠷ ᠣᠷᠤᠭᠤ

ᠠᠰᠬᠠᠷᠠᠭᠤᠯᠤᠭᠠᠤᠨ ᠪᠠᠢ᠌ᠪᠠᠴᠤ

ᠠᠭᠠᠰᠢᠯᠠᠵᠤ ᠳᠤᠨᠢᠳᠠᠭ ᠠᠷᠠᠤᠨ ᠤᠨ ᠳᠠᠭᠤᠤ ᠪᠠᠨ

ᠠᠶᠠᠯᠬᠠᠨ ᠭᠤᠶᠤᠭᠠᠤᠨ ᠴᠤ ᠨᠠᠮᠠᠷᠢ ᠦᠭᠡᠶ

ᠠᠶᠠᠠᠳᠠᠭᠠᠨ ᠬᠤᠯᠠᠳᠠᠨ᠎ᠠ᠃

ᠣᠭ ᠡᠴᠡ ᠪᠠᠨ ᠮᠢᠨᠤ ᠪᠢᠰᠢ ᠭᠦᠮᠤᠨ ᠤ ᠠᠮᠠᠷᠠᠭ

ᠠᠭᠤᠷᠯᠠᠬᠤ ᠶᠢ ᠮᠠᠳᠠᠨ᠎ᠠ᠂ ᠠᠭᠤᠴᠢᠯᠠᠬᠤ ᠶᠢ ᠡᠰᠡ ᠮᠠᠳᠠᠨ᠎ᠠ

ᠣᠢ᠌ᠯᠠ ᠶᠢᠨ ᠬᠠᠢ᠌ᠴᠢ ᠰᠢᠭ᠂ ᠣᠷᠠᠨ ᠠᠭᠠᠰᠢ ᠳᠡᠯᠭᠡᠵᠤ

ᠵᠣᠢ᠌ᠯ ᠤᠨ ᠳᠤᠷᠭ᠎ᠠ ᠰᠢᠭ ᠨᠠᠮᠢᠷᠠᠭᠠᠤᠨ ᠪᠠᠢ᠌ᠪᠠᠴᠤ

ᠵᠢᠰᠤ ᠪᠣᠷᠤᠭᠤᠳᠠᠢ ᠬᠠᠷᠢ ᠶᠢᠨ ᠠᠳᠤᠭᠤ ᠰᠢᠭ

ᠦᠪᠡᠷ ᠤᠨ ᠨᠤᠳᠤᠭ ᠲᠠᠭᠠᠨ ᠰᠠᠷᠪᠠᠯᠵᠠᠵᠤ ᠬᠤᠨᠤᠨ᠎ᠠ

ᠰᠠᠷᠠᠮᠵᠢ ᠠᠯᠳᠠᠭᠰᠠᠨ ᠠᠯᠳᠠᠨ ᠭᠤᠷᠭᠤᠤᠯᠳᠠᠢ ᠰᠢᠭ ᠵᠢᠷᠦᠭᠡ ᠪᠠᠨ

ᠰᠠᠤᠠᠭᠢᠯ ᠤᠨ ᠳᠤᠷ᠎ᠠ ᠪᠠᠷ ᠨᠢᠰᠭᠡᠵᠤ ᠪᠣᠯᠳᠠᠭ ᠦᠭᠡᠶ

ᠡᠭᠡᠨᠡᠷ ᠲᠡᠶ ᠬᠠᠷᠠᠴᠤᠳ ᠨᠢᠭᠤᠴᠠ ᠠᠮᠠᠷᠠᠭ ᠶᠢᠡᠷ ᠭᠤᠶᠤᠳᠠᠭ

ᠡᠩᠭᠡᠷ ᠤᠨ ᠵᠡᠭᠦᠯᠳᠡ ᠰᠢᠭ᠌ ᠬᠠᠭᠤᠴᠢᠷᠠᠭᠠᠤᠨ ᠬᠠᠶᠠᠭᠳᠠᠵᠤ ᠮᠠᠳᠠᠨ᠎ᠠ

ᠭᠡᠳᠥᠢ᠌ᠨᠡᠢ ᠡᠴᠡ ᠪᠠᠨ ᠮᠢᠨᠤ ᠪᠢᠰᠢ ᠭᠦᠮᠤᠨ ᠤ ᠠᠮᠠᠷᠠᠭ ᠲᠤ

ᠬᠠᠯᠠᠭᠤᠨ ᠬᠠᠢ᠌ᠷ᠎ᠠ ᠪᠢᠰᠢ ᠨᠢᠯᠤᠭᠤᠨ ᠥᠭᠡ ᠵᠤᠭᠢᠨ᠎ᠠ

ᠭᠡᠳᠥᠢ᠌ᠨᠡᠢ ᠡᠴᠡ ᠪᠠᠨ ᠮᠢᠨᠤ ᠪᠢᠰᠢ

ᠭᠦᠮᠤᠨ ᠤ ᠠᠮᠠᠷᠠᠭ ᠤᠨ ᠡᠪᠦᠷ ᠳᠡᠭᠡᠷ᠎ᠡ

ᠭᠡᠪᠠᠨᠡᠭ᠌ ᠡᠷᠭᠡᠯᠡᠨ ᠢᠨᠢᠶᠠᠳᠤ ᠠᠯᠳᠠᠵᠤ ᠰᠠᠭᠤᠬᠤ ᠳᠠᠭᠠᠨ

ᠦᠪᠡᠷ ᠤᠨ ᠢᠨᠠᠭ ᠤᠨ ᠵᠢᠠᠨ ᠴᠢᠷᠠᠢ ᠶᠢ ᠰᠠᠨᠠᠵᠤ ᠪᠠᠢ᠃


ᠭᠠᠭᠴᠠᠬᠠᠨ ᠳᠠᠨ ᠢ ᠪᠢ ᠬᠠᠢ᠌ᠷᠠᠯᠠᠨ᠎ᠠ


ᠰᠠᠢ᠌ᠷᠬᠠᠬᠤ ᠶᠠᠭᠤᠮ᠎ᠠ ᠳᠠᠩᠴᠤ ᠪᠢᠰᠢ ᠳ᠋ᠠ

ᠰᠠᠠᠴᠢᠭ ᠳᠠᠭᠠᠨ ᠪᠣᠭᠤᠷᠤᠯᠳᠠᠢ ᠡᠷ᠎ᠡ ᠭᠦᠮᠤᠨ ᠳᠤ ᠪᠢ ᠬᠠᠢ᠌ᠷᠠᠳᠠᠢ

ᠵᠢᠷᠭᠠᠬᠤ ᠶᠢᠨ ᠡᠮᠦᠨ᠎ᠡ ᠵᠤᠯᠠ ᠪᠠᠤᠠᠮᠠᠯᠠᠨ ᠠᠰᠳᠠᠭ ᠰᠢᠭ

ᠭᠤᠴᠢ ᠭᠦᠷᠦᠭ᠍ᠰᠡᠨ ᠡᠷ᠎ᠡ ᠭᠦᠮᠤᠨ ᠦᠨᠡᠠᠴᠢ ᠯᠠ ᠪᠠᠢ᠌ᠮᠠᠷ ᠳ᠋ᠠ

ᠣᠷᠤᠭᠤᠯ ᠤᠨ ᠪᠣᠳᠤᠭ ᠢ ᠮᠢᠨᠢ ᠴᠠᠮᠴᠠ ᠪᠠᠷ ᠶᠢᠡᠨ ᠠᠷᠴᠢᠨ

ᠣᠭᠢᠶᠠᠵᠤ ᠣᠷᠭᠢᠳᠠᠭ ᠮᠠᠭᠤᠬᠠᠢ ᠵᠠᠩ ᠲᠡᠶ ᠴᠤ

ᠣᠷᠪᠠᠵᠤ ᠭᠦᠷᠪᠠᠳᠡᠭ᠌ ᠨᠠᠰᠤᠨ ᠤ ᠮᠢᠨᠢ ᠠᠭᠠᠯᠢ ᠶᠢ

ᠠᠭᠤᠴᠢᠯᠠᠨ ᠪᠣᠳᠤᠳᠠᠭ ᠲᠤ ᠴᠢᠨᠢ ᠪᠢ ᠳᠠᠨ ᠳᠤ ᠬᠠᠢ᠌ᠷᠠᠳᠠᠢ

ᠭᠦᠰᠡᠳᠡᠭ᠌ ᠭᠡᠪᠠᠴᠤ ᠵᠤᠷᠢᠭ ᠶᠢᠡᠨ ᠪᠣᠯᠳᠠᠭ ᠦᠭᠡᠶ ᠬᠠᠢ᠌ᠷ᠎ᠠ

ᠭᠦᠯᠢᠶᠡᠳᠡᠭ᠌ ᠭᠡᠪᠠᠴᠤ ᠭᠦᠷᠦᠭᠡᠤᠨ ᠢᠷᠡᠳᠡᠭ᠌ ᠦᠭᠡᠶ ᠠᠮᠢᠳᠤᠷᠠᠯ

ᠭᠦᠡᠳᠦᠯᠡᠳᠡᠭ᠌ ᠭᠡᠪᠠᠴᠤ ᠨᠠᠮᠢ᠋ᠢ ᠣᠢ᠌ᠯᠠᠭ᠎ᠠ ᠦᠭᠡᠶ ᠠᠮᠠᠷᠠᠭ

ᠬᠠᠢ᠌ᠷᠠᠯᠠᠳᠠᠭ ᠭᠡᠪᠠᠴᠤ ᠮᠢᠨᠤᠭᠢ ᠪᠢᠰᠢ ᠠᠮᠠᠷᠠᠭ


ᠪᠣᠷᠤᠭᠠᠨ ᠲᠡᠶ ᠡᠳᠦᠷ


ᠪᠣᠭᠳᠠ ᠶᠢᠨ ᠠᠭᠤᠯᠠᠨ ᠳ᠋ᠤ

ᠪᠣᠷᠤᠭᠠᠨ ᠣᠷᠤᠨ᠎ᠠ

ᠪᠣᠷᠤ ᠭᠠᠷ ᠶᠢᠡᠨ ᠳᠠᠷᠠᠯᠠᠵᠤ

ᠭᠦᠤ ᠮᠢᠨᠢ ᠡᠳᠦᠷᠵᠢᠨ ᠣᠠᠳᠠᠨ᠎ᠠ

ᠪᠣᠳᠤᠯ ᠳᠤ ᠳᠠᠷᠤᠭᠳᠠᠵᠤ

ᠡᠵᠢ ᠨᠢ ᠰᠢᠯᠦᠭ᠌ ᠪᠢᠴᠢᠨ᠎ᠠ

ᠪᠣᠷᠤᠭ ᠡᠭᠡᠯ ᠶ‍ᠢᠷᠳᠢᠠᠴᠤ ᠵᠢᠨ

ᠬᠤᠨᠤᠭ ᠥᠩᠭᠡᠷᠡᠨ᠎ᠡ

ᠰᠤᠬᠠᠢ ᠣᠯᠠᠭᠠᠨ ᠮᠤᠳᠤ ᠴᠡᠴᠡᠭᠯᠡᠮ᠎ᠡ

ᠶᠡᠭᠡ ᠪᠣᠷᠤᠭᠠᠨ ᠵᠢᠠᠷ

ᠰᠤᠷᠠᠭ ᠦᠭᠡᠶ ᠪᠣᠯᠤᠭᠰᠠᠨ ᠠᠭᠳᠠ ᠡᠴᠡ

ᠭᠡᠯᠡ ᠴᠢᠮᠡᠭᠡ ᠳᠤᠭᠤᠯᠳᠠᠨ᠎ᠠ

ᠭᠦᠰᠢᠭᠡ ᠪᠠᠨ ᠵᠠᠰᠠᠵᠤ ᠥᠷᠯᠦᠭᠡ ᠶᠢ ᠣᠭᠳᠤᠬᠤ ᠳᠤ

ᠰᠤᠯᠤᠩᠭ᠋᠎ᠠ ᠮᠠᠠᠳᠤᠭᠰᠠᠨ ᠪᠠᠢ᠌ᠭᠠᠤᠨ

ᠭᠦᠭᠡᠷᠦᠭᠦᠨ ᠳᠦᠷᠪᠡᠨ ᠊᠊᠊᠊᠊᠊᠊᠊᠊᠊᠊᠊᠊᠊᠊ ᠠᠭᠤᠯᠠ ᠭᠦᠤ

ᠭᠠᠳᠠᠭ᠎ᠠ ᠭᠠᠷᠤᠶ᠎ᠠ ᠭᠡᠵᠤ ᠳᠠᠪᠳᠠᠨ᠎ᠠ

ᠣᠰᠤᠨ ᠪᠣᠷᠤᠭᠠᠨ ᠳᠠᠳᠠᠷᠠᠵᠤ

ᠨᠠᠪᠴᠢᠨ ᠤ ᠠᠯᠠᠭᠠᠨ ᠳᠤ ᠨᠠᠷᠠ ᠪᠠᠭᠤᠬᠤ ᠳᠤ

ᠣᠯᠠᠷᠢᠯ ᠣᠯᠠᠷᠢᠯ ᠶᠢᠡᠷ ᠶᠢᠡᠨ ᠪᠠᠢ᠌ᠳᠠᠭ ᠦᠭᠡᠶ

ᠬᠤᠷᠸ᠎ᠠ ᠶᠢᠨ ᠵᠠᠮ ᠳᠤᠳᠤᠷᠠᠨ᠎ᠠ

ᠭᠦᠯᠢᠶᠡᠵᠤ ᠯᠠ ᠴᠢᠳᠠᠪᠠᠯ ᠶ‍ᠢᠷᠳᠢᠠᠴᠤ ᠶᠢᠨ

ᠶᠠᠭᠤᠮ᠎ᠠ ᠪᠦᠭᠦᠨ ᠰᠠᠢ᠌ᠬᠠᠨ

ᠭᠦᠤ ᠳᠡᠭᠡᠨ ᠡᠨᠡ ᠳᠤᠬᠠᠢ ᠶᠠᠷᠢᠵᠤ ᠭᠡᠯᠡᠭᠡ ᠦᠭᠡᠶ ᠪᠠᠨ

ᠪᠢ ᠣᠯᠵᠤ ᠮᠠᠳᠠᠨ᠎ᠠ᠃


ᠬᠠᠪᠣᠷ ᠤᠨ ᠡᠭᠡ ᠣᠷᠤᠨ ᠪᠠ ᠮᠢᠨᠤ ᠮᠤᠩᠭ᠋ᠤᠯ


ᠳᠤᠮᠳᠠᠭᠤᠷ ᠵᠢᠷᠭᠠᠯ ᠤᠨ ᠳᠤᠮᠤᠭ ᠢ ᠨᠥᠭᠦᠵᠤ

ᠣᠷᠤᠰᠢᠳᠠᠭ ᠨᠤᠳᠤᠭ ᠲᠠᠭᠠᠨ

ᠳᠤᠷᠤᠨ᠎ᠠ ᠶᠢᠨ ᠳᠡᠭ᠍ᠷᠢ ᠶᠢᠨ

ᠨᠠᠷᠠᠨ ᠰᠢᠩᠭᠡᠭᠦ ᠵᠥᠭ᠌ ᠡᠴᠡ

ᠯᠠᠮᠠ ᠠᠩᠭᠢᠷ ᠴᠡᠴᠡᠭ᠌ ᠳᠡᠯᠭᠡᠷᠡᠳᠡᠯ᠎ᠡ

ᠭᠠᠩᠭ᠋ᠠᠨᠠᠭᠰᠠᠭᠠᠷ ᠣᠢ᠌ᠯᠠᠵᠤ ᠢᠷᠠᠪᠠ

ᠳᠠᠩ ᠭᠤᠨᠢᠭ ᠣᠪᠳᠤ ᠱᠠᠩᠳᠠ ᠶᠢᠨ

ᠣᠰᠤᠨ ᠡᠴᠡ ᠥᠷᠭᠦᠵᠤ ᠨᠢᠰᠤᠯ᠎ᠠ

ᠨᠠᠷᠠᠨ ᠤ ᠠᠯᠳᠠᠨ ᠭᠡᠵᠢᠭᠡ ᠪᠠᠷ

ᠰᠦᠨᠠᠰᠤ ᠪᠠᠨ ᠵᠢᠭᠤᠷᠤᠭᠠᠤᠨ ᠣᠳᠤᠭᠰᠠᠨ

ᠨᠤᠮ ᠤᠨ ᠭᠡᠭᠡᠡᠳᠤ ᠡᠪᠦᠭᠡᠤᠨ ᠤᠨ

ᠳᠠᠷᠨᠢ ᠶᠢᠨ ᠡᠭᠢᠯᠡᠯ ᠰᠢᠭ᠌ ᠬᠣᠢ᠌ᠮᠤᠷ ᠲᠤ

ᠵᠢᠷᠭᠠᠯ ᠡᠭᠦᠷᠦᠭ᠍ᠰᠡᠨ ᠪᠣᠷᠬᠠᠨ ᠢᠵᠢᠢ

ᠰᠠᠤᠠᠭᠢᠯ ᠳᠤ ᠵᠠᠪᠢᠯᠠᠬᠤ ᠮᠠᠳᠤ

ᠵᠠᠮ ᠶᠢᠡᠷ ᠶᠢᠡᠨ ᠨᠢᠭᠡᠨ ᠬᠠᠪᠣᠷ

ᠥᠯᠢᠭᠡᠷ ᠤᠨ ᠳᠡᠭᠦᠰᠭᠡᠯ ᠰᠢᠭ᠌ ᠵᠠᠯᠠᠷᠠᠯ᠎ᠠ

ᠰᠠᠷ ᠰᠡᠷᠭᠡᠨ ᠥᠯᠢᠶᠡᠳᠡᠭ᠌ ᠨᠢ

ᠰᠠᠤᠠᠭᠢᠯ ᠤᠨ ᠮᠢᠨᠢ ᠰᠠᠯᠭᠢᠨ ᠳ᠋ᠠ

ᠰᠠᠤᠠᠭᠢᠯ ᠳᠤ ᠮᠥᠩᠭᠡᠳᠡ ᠣᠷᠤᠰᠢᠳᠠᠭ ᠨᠢ

ᠢᠵᠢᠢ ᠨᠤᠳᠤᠭ ᠬᠤᠶᠠᠷ ᠳ᠋ᠤᠤ

ᠦᠶ᠎ᠡ ᠥᠶᠡᠭᠡᠨ ᠪᠣᠳᠤᠭᠳᠠᠬᠤ ᠨᠢ

ᠦᠪᠡᠷ ᠤᠨ ᠨᠤᠳᠤᠭ ᠤᠨ ᠠᠭᠤᠯᠠᠰ ᠳ᠋ᠠ

ᠦᠨᠦᠰᠴᠤ ᠪᠠᠢ᠌ᠵᠤ ᠯᠠ ᠳᠠᠢ᠌ᠤᠠᠬᠤᠷᠬᠤ ᠨᠢ

ᠮᠢᠨᠤ ᠯᠠ ᠡᠵᠢ ᠶᠢᠨ ᠰᠠᠤᠠᠭᠢᠯ ᠳ᠋ᠠ

ᠳᠡᠷᠭᠡᠯ ᠳᠡᠷᠭᠡᠯ ᠭᠡᠭᠡᠨ ᠳᠤ

ᠳᠡᠭ᠍ᠷᠢ ᠶᠢᠨ ᠥᠩᠭᠡ ᠳᠤᠳᠤᠷᠠᠨ᠎ᠠ

ᠳᠠᠷᠠ ᠯᠠ ᠣᠷᠤᠨ ᠢ ᠠᠷᠭᠠᠳᠠᠵᠤ

ᠡᠷᠢᠭᠡᠨ ᠤ ᠮᠦᠷ ᠡᠯᠡᠭ᠍ᠳᠡᠨ᠎ᠡ

ᠮᠥᠷᠭᠦᠯ ᠮᠥᠷᠭᠦᠯ ᠠᠭᠤᠯᠠ

ᠥᠯᠢᠭᠡᠷ ᠤᠨ ᠰᠢᠳᠢ ᠣᠷᠤᠰᠢᠨ᠎ᠠ

ᠮᠢᠨᠤ ᠯᠠ ᠨᠤᠳᠤᠭ ᠬᠣᠢ᠌ᠨ᠎ᠠ ᠳ᠋ᠤᠤ

ᠰᠦᠨᠠᠰᠤ ᠲᠡᠶ ᠪᠠᠨ ᠪᠢ ᠬᠤᠷᠭᠤᠳᠠᠨ᠎ᠠ


ᠰᠠᠢ᠌ᠨ ᠪᠠᠢ᠌ᠨ᠎ᠠ ᠦᠦ᠂ ᠰᠠᠨᠠᠭᠠᠨ ᠳᠤ ᠦᠭᠡᠶ ᠬᠤᠩᠭ᠋ᠤᠷ ᠮᠢᠨᠢ


ᠳᠠᠷᠠᠨ ᠳᠡᠭᠡᠷ᠎ᠡ ᠡᠴᠡ ᠳᠤᠯᠤᠭᠠᠢ ᠦᠨᠳᠠᠢ᠌ᠵᠤ ᠭᠠᠳᠠᠭ᠎ᠠ ᠶᠠᠭᠠᠷᠠᠨ ᠭᠦᠶ‍ᠦᠯ᠎ᠡ

ᠳᠡᠯᠡᠭᠡᠢ ᠶ‍ᠢᠷᠳᠢᠠᠴᠤ ᠣᠷᠢᠳᠠ ᠶᠢᠨ ᠠᠳᠠᠯᠢ ᠵᠥᠭᠡᠯᠡᠨ ᠡᠷᠭᠢᠨ ᠡᠷᠭᠢᠭ᠍ᠰᠡᠭᠡᠷ

ᠳᠡᠪᠠᠷᠡᠭᠦᠨ ᠰᠠᠤᠠᠭᠢᠯ ᠳᠤ ᠴᠢᠮ᠎ᠠ ᠲᠡᠶ ᠣᠴᠠᠷᠠᠬᠤ ᠭᠦᠰᠡᠯ ᠨᠠᠮᠢ᠋ᠢ ᠡᠵᠡᠮᠳᠡᠭᠡᠤᠨ

ᠳᠡᠭᠡᠭᠡᠤᠨ ᠳᠠᠭᠠᠷᠠᠭᠰᠠᠨ ᠦᠨᠦ ᠯᠠ ᠭᠠᠵᠠᠷ ᠶᠢᠡᠨ ᠳᠠᠭᠢᠭᠠᠤᠨ ᠪᠢ ᠴᠢᠨᠢ ᠢᠷᠠᠯ᠎ᠠ

ᠰᠠᠢ᠌ᠨ ᠪᠠᠢ᠌ᠨ᠎ᠠ ᠦᠦ᠂ ᠰᠠᠨᠠᠭᠠᠨ ᠳᠤ ᠦᠭᠡᠶ ᠬᠤᠩᠭ᠋ᠤᠷ ᠮᠢᠨᠢ

ᠰᠠᠷ᠎ᠠ ᠵᠢᠯ ᠤᠳ ᠤᠨ ᠴᠠᠭᠠᠨ᠎ᠠ ᠡᠴᠡ ᠰᠠᠨᠠᠭᠳᠠᠭᠠᠤᠨ ᠢᠷᠡᠳᠡᠭ᠌ ᠦᠭᠡᠶ ᠵᠠᠯᠠᠭᠤ ᠮᠢᠨᠢ

ᠠᠭᠤᠯᠵᠠᠭᠠᠳ ᠭᠠᠷ ᠶᠢᠠᠨ ᠨᠠᠳᠠᠳᠤ ᠦᠭ‍ᠭᠦᠭᠡ ᠦᠭᠡᠶ

ᠣᠴᠠᠷᠠᠭᠠᠤᠨ ᠬᠠᠢ᠌ᠷ᠎ᠠ ᠪᠠᠨ ᠦᠭ‍ᠭᠦᠭᠡ ᠦᠭᠡᠶ

ᠣᠷᠤᠭᠤᠯ ᠶᠠᠭᠤ ᠪᠠᠨ ᠴᠤ ᠦᠭ‍ᠭᠦᠭᠡ ᠦᠭᠡᠶ ᠳᠦᠩᠭᠡᠵᠢ ᠵᠥᠷᠢᠭ᠍ᠰᠡᠨ ᠵᠠᠯᠠᠭᠤ ᠮᠢᠨᠢ

ᠥᠨᠡᠭᠡᠷ ᠮᠠᠷᠳᠠᠵᠤ ᠴᠢᠳᠠᠮ᠎ᠠ ᠦᠭᠡᠶ

ᠬᠠᠢ᠌ᠷ᠎ᠠ ᠶᠢᠨ ᠰᠠᠤᠠᠭᠢᠯ ᠳᠤ ᠭᠡᠢ᠌ᠭ᠍ᠰᠡᠨ ᠵᠠᠯᠠᠭᠤ ᠮᠢᠨᠢ

ᠳᠤᠷᠠᠰᠬᠠᠯᠳᠤ ᠭᠠᠵᠠᠷ ᠶᠢᠡᠨ ᠡᠷᠭᠢᠨ ᠢᠷᠡᠭᠦ ᠳᠤ ᠴᠢ ᠮᠢᠨᠢ ᠣᠳᠤ ᠠᠳᠠᠯᠢ ᠪᠠᠢ᠌ᠨ᠎ᠠ

ᠳᠤᠷᠠᠰᠤᠮᠵᠢ ᠳᠦᠭᠦᠷᠡᠩ ᠡᠳᠦᠷ ᠬᠤᠨᠤᠭ ᠣᠷᠤᠰᠤᠨ ᠣᠷᠤᠰᠤᠭᠰᠠᠭᠠᠷ ᠯᠠ ᠪᠠᠢ᠌ᠨ᠎ᠠ

ᠡᠨᠡ ᠯᠠ ᠭᠠᠵᠠᠷ ᠶᠢᠡᠨ ᠠᠭᠢᠨ ᠳᠠᠭᠢᠨ ᠪᠢ ᠴᠢᠨᠢ ᠭᠦᠯᠢᠶᠡᠵᠤ ᠰᠠᠭᠤᠯ᠎ᠠ

ᠦᠪᠡᠷ ᠤᠨ ᠡᠷᠭᠡ ᠦᠭᠡᠶ ᠴᠢᠮ᠎ᠠ ᠲᠡᠶ ᠠᠭᠤᠯᠵᠠᠨ᠎ᠠ ᠭᠡᠵᠤ ᠭᠦᠷᠢᠳᠡᠭᠰᠡᠭᠡᠷ ᠯᠠ ᠪᠠᠢ᠌ᠨ᠎ᠠ

ᠰᠠᠢ᠌ᠨ ᠪᠠᠢ᠌ᠨ᠎ᠠ ᠦᠦ᠂ ᠰᠠᠨᠠᠭᠠᠨ ᠳᠤ ᠦᠭᠡᠶ ᠬᠤᠩᠭ᠋ᠤᠷ ᠮᠢᠨᠢ

ᠰᠠᠷ᠎ᠠ ᠵᠢᠯ ᠤᠳ ᠤᠨ ᠴᠠᠭᠠᠨ᠎ᠠ ᠡᠴᠡ ᠰᠠᠨᠠᠭᠳᠠᠭᠠᠤᠨ ᠢᠷᠡᠳᠡᠭ᠌ ᠦᠭᠡᠶ ᠵᠠᠯᠠᠭᠤ ᠮᠢᠨᠢ

ᠠᠭᠤᠯᠵᠠᠭᠠᠤᠨ ᠭᠠᠷ ᠶᠢᠠᠨ ᠨᠠᠳᠠᠳᠤ ᠦᠭ‍ᠭᠦᠭᠡ ᠦᠭᠡᠶ

ᠣᠴᠠᠷᠠᠭᠠᠤᠨ ᠬᠠᠢ᠌ᠷ᠎ᠠ ᠪᠠᠨ ᠦᠭ‍ᠭᠦᠭᠡ ᠦᠭᠡᠶ

ᠣᠷᠤᠭᠤᠯ ᠶᠠᠭᠤ ᠪᠠᠨ ᠴᠤ ᠦᠭ‍ᠭᠦᠭᠡ ᠦᠭᠡᠶ ᠳᠦᠩᠭᠡᠵᠢ ᠵᠥᠷᠢᠭ᠍ᠰᠡᠨ ᠵᠠᠯᠠᠭᠤ ᠮᠢᠨᠢ


ᠮᠢᠨᠤ ᠲ᠋ᠤᠷᠠᠯᠠᠯ


ᠰᠠᠢ᠌ᠨ ᠳᠠᠭᠠᠨ ᠯᠠ ᠭᠡᠳᠦᠭᠡᠨ ᠰᠦᠨᠢ ᠨᠣᠢ᠌ᠷ ᠦᠭᠡᠶ ᠬᠤᠨᠤᠬᠤ ᠪᠠᠢ᠌ᠯ ᠦᠭᠡᠶ

ᠰᠠᠷᠠᠨ ᠢ ᠡᠪᠦᠷᠳᠦᠯᠡᠵᠤ ᠲ᠋ᠡᠪᠠᠷᠢᠭᠡᠤᠨ

ᠰᠠᠨᠠᠭᠠᠰᠢᠷᠠᠨ ᠰᠠᠭᠤᠬᠤ ᠳᠠᠭᠠᠨ ᠨᠠᠷ᠎ᠠ ᠶᠢ ᠴᠢᠨᠢ ᠳᠠᠭᠤᠳᠠᠭᠰᠠᠭᠠᠷ

ᠰᠠᠷᠨᠢᠬᠤ ᠯᠠ ᠪᠠᠢ᠌ᠯ ᠦᠭᠡᠶ ᠮᠢᠨᠤ ᠳᠤᠷᠠᠯᠠᠯ

ᠭᠦᠭᠡᠷᠦᠭᠦᠨ ᠭᠡᠦᠭᠡᠨ ᠥᠨᠡᠭᠡᠷ ᠴᠤ ᠪᠢᠰᠢ ᠭᠡᠭᠦ ᠶᠤᠮ

ᠭᠦᠡᠵᠢᠯᠡ ᠨᠢᠮᠭᠡᠨ ᠭᠤᠨᠢᠭ ᠵᠤᠵᠠᠭᠠᠨ ᠰᠦᠨᠢ ᠪᠠᠷ

ᠭᠦᠷᠪᠠᠵᠤ ᠣᠷᠪᠠᠵᠤ ᠬᠤᠨᠤᠬᠤ ᠳᠠᠭᠠᠨ ᠬᠤᠳᠠᠯ ᠊ᠢ ᠨᠢ ᠮᠠᠳᠠᠯ᠎ᠠ

ᠭᠦᠩᠭᠡᠨ ᠶᠡᠪᠦᠳᠡᠯ ᠲᠡᠶ ᠭᠡᠪᠠᠯ ᠰᠠᠷᠠᠨ ᠢ ᠯᠠ ᠭᠡᠯᠡᠭᠡᠷᠡᠢ

ᠪᠢ ᠯᠠ ᠯᠠᠪ ᠪᠢᠰᠢ ᠰᠢᠤ

ᠭᠦᠭᠡᠷᠦᠭᠦᠨ ᠵᠠᠩ ᠲᠡᠶ ᠭᠡᠪᠠᠯ ᠨᠠᠷᠠᠨ ᠢ ᠭᠡᠯᠡᠭᠡᠷᠡᠢ

ᠪᠢ ᠯᠠ ᠯᠠᠪ ᠪᠢᠰᠢ ᠰᠢᠤ

ᠳᠠᠭᠤᠯᠠᠬᠤ ᠳᠤᠷᠠᠳᠠᠢ ᠭᠡᠪᠠᠯ ᠬᠤᠭᠤᠷ ᠶᠠᠳᠤᠭ᠎ᠠ ᠶᠢ ᠭᠡᠯᠡᠭᠡᠷᠡᠢ

ᠪᠢ ᠯᠠ ᠯᠠᠪ ᠪᠢᠰᠢ ᠰᠢᠤ

ᠳᠤᠷᠠᠯᠠᠯ ᠳᠠᠭᠠᠨ ᠦᠨᠡᠠᠴᠢ ᠭᠡᠪᠠᠯ ᠨᠠᠮᠢ᠋ᠢ ᠭᠡᠯᠡᠭᠡᠷᠡᠢ

ᠳᠠᠷᠠ ᠴᠢᠨᠢ ᠭᠠᠭᠴᠠᠬᠠᠨ ᠪᠢ ᠶᠤᠮ ᠰᠢᠤ

᠁᠁


ᠭᠠᠭᠴᠠᠬᠠᠨ ᠡᠵᠢ ᠳᠡᠭᠡᠨ ᠣᠩᠰᠢᠬᠤ ᠰᠢᠯᠦᠭ᠌


ᠨᠠᠮᠤᠷ ᠤᠨ ᠣᠯᠠᠭᠠᠨ ᠪᠣᠭᠤ ᠶᠢᠨ ᠣᠷᠤᠮᠳᠠᠬᠤ ᠶᠢ ᠰᠤᠨᠤᠰᠤᠭᠠᠷᠠᠢ

ᠨᠠᠮᠢ᠋ᠢ ᠣᠬᠠᠭᠠᠵᠢᠬᠤ ᠶᠢ᠌ ᠥᠵᠡᠭᠦ ᠭᠡᠵᠤ

ᠡᠵᠢ ᠮᠢᠨᠢ ᠳᠠ ᠣᠷᠳᠤ ᠨᠠᠰᠤᠯᠠᠭᠠᠷᠠᠢ

ᠮᠠᠠᠴᠤᠢ ᠳᠠᠭᠠᠨ ᠢᠷᠠᠵᠤ ᠳᠠᠨ ᠢ ᠪᠠᠨ ᠪᠢ

ᠭᠠᠭᠴᠠᠬᠠᠨ ᠣᠳᠠᠭ᠎ᠠ ᠵᠢᠷᠭᠠᠭᠤᠯᠤᠭᠰᠠᠨ

ᠮᠠᠭᠠᠤᠨ ᠦᠭᠡᠶ ᠳᠠᠷᠠᠨ ᠡᠴᠡ ᠬᠣᠢ᠌ᠰᠢ

ᠳᠠᠩᠳᠠ ᠪᠠᠨ ᠵᠤᠪᠠᠭᠠᠭᠰᠠᠨ

ᠭᠠᠭᠴᠠᠬᠠᠨ ᠨᠠᠮᠢ᠋ᠢ ᠭᠡᠵᠤ ᠢᠵᠢᠢ ᠳᠠ

ᠭᠠᠵᠠᠷ ᠳᠡᠭᠡᠷ᠎ᠡ ᠭᠡᠴᠦᠨᠡᠨ ᠮᠥᠷᠭᠦᠵᠤ ᠯᠠ ᠪᠠᠢ᠌ᠳᠠᠭ ᠶᠤᠮ ᠪᠣᠢ

ᠪᠠᠷᠢᠪᠴᠢ ᠶᠢ ᠮᠢᠨᠢ ᠡᠰᠭᠡᠵᠤ

ᠬᠤᠷᠮᠤᠢ ᠶᠢᠨ ᠡᠮᠦᠰᠭᠦᠯ ᠢ ᠴᠢᠮᠡᠭᠯᠡᠵᠤ

ᠪᠠᠯᠴᠢᠷ ᠡᠴᠡ ᠮᠢᠨᠢ ᠡᠳᠦᠢ ᠭᠦᠷᠳᠡᠯ᠎ᠡ

ᠳᠠ ᠣᠶᠤᠳᠠᠯᠴᠢᠨ ᠶᠠᠪᠣᠯ᠎ᠠ

----------

ᠠᠶᠠᠭ᠎ᠠ ᠪᠠᠨ ᠡᠪᠳᠡᠨ

ᠡᠷᠭᠡᠯᠡᠵᠤ ᠶᠠᠳᠠᠭᠰᠠᠨ ᠨᠠᠮᠢ᠋ᠢ

ᠠᠷᠭᠠᠳᠠᠭᠰᠠᠨ ᠪᠣᠯᠵᠤ ᠡᠮᠦᠨ᠎ᠡ ᠮᠢᠨᠢ ᠡᠷᠭᠢᠯᠳᠦᠭ᠍ᠰᠡᠨ

《ᠡᠨ》 ᠥᠰᠦᠭ᠌ ᠪᠢᠴᠢᠭᠦ ᠭᠡᠤᠨ ᠪᠣᠳᠤᠯᠢᠵᠤ

ᠠᠯᠳᠠᠭ᠎ᠠ ᠲᠡᠶ ᠪᠠᠢ᠌ᠬᠤ ᠳᠤ ᠨᠢ ᠴᠥᠭᠦᠵᠤ ᠰᠠᠭᠤᠬᠤ ᠳᠤ ᠮᠢᠨᠢ

ᠣᠯᠠᠭᠠᠨ ᠴᠠᠢ᠌ᠮ᠎ᠠ ᠣᠠᠴᠠ ᠳᠠᠯᠪᠢᠳᠠᠭ ᠪᠠᠭᠰᠢ ᠶᠠᠪᠣᠯ᠎ᠠ

ᠴᠠᠭ ᠣᠷᠣᠢ᠌ᠳᠠᠭᠰᠠᠨ ᠪᠣᠯᠵᠤᠭᠠᠨ ᠡᠴᠡ ᠡᠷᠭᠢᠵᠤ ᠢᠷᠡᠭᠦ ᠳᠤ

ᠴᠠᠭ ᠳᠠᠭᠠᠨ᠂ ᠡᠰᠡᠭᠦᠯ᠎ᠡ ᠡᠭᠦᠳᠡᠨ ᠤ ᠮᠠᠨᠠᠭᠠᠴᠢ

ᠰᠠᠷᠠ ᠨᠠᠷᠠᠨ ᠡᠭᠡᠯᠵᠢ ᠦᠭᠡᠶ

ᠭᠠᠯ ᠰᠠᠭᠢᠭᠰᠠᠨ ᠳᠤᠭᠤᠭᠠᠴᠢ

ᠰᠠᠩ ᠤᠨ ᠪᠣᠢ᠌ᠫᠣᠷ ᠲᠤ ᠠᠷᠴᠠ ᠣᠭᠢᠭᠤᠯᠵᠤ

ᠮᠠᠨᠢ ᠣᠩᠰᠢᠳᠠᠭ ᠯᠠᠮ᠎ᠠ

ᠰᠢᠭᠦᠭᠦ ᠶᠢᠨ ᠳᠤᠭᠳᠠᠭᠠᠯ ᠣᠩᠰᠢᠳᠠᠭ ᠶᠠᠯᠯᠠᠭᠴᠢ ᠨᠢ ᠳᠠ ᠮᠥᠷᠳᠡᠭᠡᠨ

ᠳᠠᠭᠠᠭᠠᠮᠠᠢ ᠶᠡᠭᠡ ᠬᠠᠢ᠌ᠷ᠎ᠠ ᠳᠠᠨᠢ ᠭᠡᠪ ᠶᠢᠡᠷ ᠶᠢᠡᠨ

ᠳᠠᠪᠠᠵᠤ ᠵᠡᠭᠡᠯᠳᠦᠭᠰᠡᠨ ᠥᠮᠦᠭᠯᠡᠭ᠍ᠴᠢ ᠪᠣᠯᠵᠤ

ᠵᠤᠪᠠᠯᠠᠩ ᠡᠴᠡ ᠨᠠᠮᠢ᠋ᠢ ᠰᠤᠯᠠᠯᠠᠭᠰᠠᠨ

᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ --

ᠵᠡᠭᠦᠤ ᠶᠢᠨ ᠰᠥᠪᠠᠭ᠍ᠴᠢ ᠪᠠᠷ ᠴᠤ ᠪᠠᠭᠳᠠᠬᠤ ᠣᠨ ᠵᠢᠯ ᠤᠨ ᠣᠷᠤᠰᠬᠠᠯ ᠳᠤ

ᠵᠥᠭᠡᠷ ᠯᠠ ᠳᠡᠷᠭᠡᠳᠡ ᠮᠢᠨᠢ ᠪᠠᠢ᠌ᠵᠤ ᠬᠠᠢ᠌ᠷᠠᠯᠠ

ᠢᠵᠢᠢ︕ ᠭᠡᠵᠤ ᠳᠠᠭᠤᠳᠠᠬᠤ ᠪᠣᠯᠭᠠᠨ ᠳᠠᠭᠠᠨ ᠪᠠᠶᠠᠷᠯᠠᠳᠠᠭ

ᠢᠵᠢᠯ ᠭᠡᠳᠤᠨ ᠭᠡᠦᠭᠡᠤᠨ ᠳᠡᠭᠡᠨ ᠣᠷᠳᠤ ᠨᠠᠰᠤᠯᠠᠵᠤ ᠬᠠᠢ᠌ᠷᠠᠯᠠ︕


ᠵᠥᠭᠡᠷ ᠯᠠ ᠨᠢᠭᠡ ᠠᠮᠢᠳᠤᠷᠠᠬᠤ ᠶᠤᠮᠰᠠᠨ


ᠵᠥᠭᠡᠷ ᠯᠠ ᠨᠢᠭᠡ ᠡᠡᠮᠢᠳᠦᠷᠡᠬᠤ ᠶᠤᠮᠰᠠᠨ

ᠵᠥᠯᠭᠡᠨ ᠳᠡᠭᠡᠷ᠎ᠡ ᠭᠡᠷ ᠶᠢᠡᠨ ᠪᠠᠷᠢᠭᠠᠤᠨ

ᠵᠡᠭᠦᠤ ᠣᠳᠠᠰᠤ ᠨᠡᠢ᠌ᠯᠡᠭᠦᠯᠦᠭᠡᠤᠨ

ᠭᠦᠤ ᠳᠡᠭᠡᠨ ᠳᠠᠪᠠᠯ ᠣᠶᠤᠵᠤ

ᠠᠮᠠᠷᠠᠭ ᠶᠢᠡᠨ ᠭᠦᠯᠢᠶᠡᠵᠤ

ᠠᠮᠠᠷᠠᠭ ᠮᠢᠨᠢ ᠠᠳᠤᠭᠤᠨ ᠡᠴᠡ ᠢᠷᠠᠵᠤ

ᠵᠥᠭᠡᠷ ᠯᠠ ᠨᠢᠭᠡ ᠠᠮᠢᠳᠤᠷᠠᠬᠤ ᠶᠤᠮᠰᠠᠨ


1994᠃ 12᠂ 05


ᠲ᠋ᠠᠨ ᠤ ᠳᠦᠯᠦᠭᠡ


ᠳᠠᠨ ᠤ ᠳᠦᠯᠦᠭᠡ ᠪᠢ ᠬᠤᠠᠳᠠᠭ᠎ᠠ ᠡᠷᠭᠦᠳᠡᠭ᠌

ᠳᠠᠨ ᠤ ᠳᠦᠯᠦᠭᠡ ᠪᠣᠷᠬᠠᠨ ᠳᠠᠭᠠᠨ ᠮᠥᠷᠭᠦᠳᠡᠭ᠌

ᠳᠤᠭᠤᠰᠤᠠᠴᠢᠷ ᠣᠳᠤᠳ ᠢ ᠭᠡᠯᠭᠢᠨ ᠳᠦᠷᠢ ᠶᠢ ᠴᠢᠨᠢ ᠳᠡᠭ᠍ᠷᠢ ᠳᠤ ᠵᠢᠷᠤᠵᠤ

ᠳᠤᠭ᠎ᠠ ᠦᠭᠡᠶ ᠣᠯᠠᠨ ᠦᠳᠡᠰᠢ ᠪᠠᠷ ᠭᠠᠭᠴᠠᠭᠠᠷ ᠠᠯᠬᠤᠳᠠᠭ

ᠭᠠᠭᠴᠠᠬᠠᠨ ᠳᠠᠨ ᠤ ᠣᠷᠤᠭᠤ ᠳᠡᠮᠤᠯᠡᠭᠦ ᠳᠡᠭᠡᠨ

ᠭᠠᠯ ᠳᠤ ᠰᠢᠨᠤᠭᠰᠠᠨ ᠡᠷᠪᠠᠭᠡᠢ ᠶᠢᠨ ᠥᠯᠢᠭᠡᠷ ᠢ ᠰᠠᠨᠠᠳᠠᠭ

ᠦᠨᠦᠭᠢ ᠡᠷᠪᠠᠭᠡᠢ ᠶᠢᠨ ᠳᠠᠯ᠎ᠠ ᠨᠢ ᠰᠢᠳᠠᠵᠤ ᠳᠠᠭᠤᠰᠬᠤ ᠳᠤ

ᠥᠪᠠᠷᠳᠡᠭᠡᠨ ᠵᠤᠪᠠᠯᠠᠩ ᠬᠤᠷᠢᠶᠠᠬᠤ ᠭᠡᠵᠤ

ᠳᠤᠬᠤᠨ ᠳᠡᠭᠡᠷ᠎ᠡ ᠴᠢᠨᠢ ᠥᠨᠦᠰᠳᠡᠭ᠌

ᠣᠯᠠᠨ ᠣᠯᠠᠨ ᠬᠤᠨᠤᠭ ᠤᠨ ᠴᠠᠭᠠᠨ᠎ᠠ ᠡᠴᠡ ᠢᠨᠢᠶᠡᠭ᠍ᠰᠡᠭᠡᠷ ᠯᠠ ᠳᠠᠨ ᠢ ᠭᠡᠷᠡᠯᠳᠦᠭᠦ

ᠣᠷᠴᠢᠯᠠᠩ ᠳᠤ ᠦᠪᠡᠷ ᠢ ᠪᠠᠨ ᠬᠠᠭᠤᠷᠴᠤ

ᠪᠢ ᠵᠢᠷᠭᠠᠯᠳᠠᠢ ᠶᠠᠪᠣᠳᠠᠭ

ᠳᠠᠨ ᠤ ᠢᠯᠪᠢᠭ᠍ᠰᠡᠨ ᠰᠠᠯᠭᠢ

ᠭᠢᠰᠭᠢᠭ᠍ᠰᠡᠨ ᠭᠠᠵᠠᠷ ᠡᠴᠡ ᠲ᠋ᠡᠨ ᠤ ᠮᠦᠷ ᠢ ᠬᠠᠢ᠌ᠵᠤ

ᠳᠠᠨᠢᠯ ᠳᠤᠳᠤᠨᠤ ᠭᠦᠮᠦᠰ ᠡᠴᠡ ᠰᠤᠷᠠᠭ ᠢ ᠴᠢᠨᠢ ᠳᠤᠭᠤᠯᠠᠬᠤ ᠳᠤ ᠰᠠᠤᠠᠭᠢᠯ ᠭᠡᠢ᠌ᠵᠤ

ᠬᠠᠢ᠌ᠷ᠎ᠠ ᠶᠢᠨ ᠠᠭᠤᠤ ᠶ‍ᠢᠷᠳᠢᠠᠴᠤ ᠮᠢᠨᠢ ᠶᠡᠭᠡᠮᠰᠦᠭ᠌ ᠣᠷᠤᠰᠢᠵᠤ

ᠬᠠᠷᠠᠩᠭ᠋ᠤᠰᠤᠯ ᠭᠤᠨᠢᠭ ᠬᠤᠶᠠᠷ ᠶᠢᠡᠷ ᠰᠡᠪᠳᠦᠭᠦ ᠪᠣᠢ ᠭᠡᠵᠤ ᠠᠶᠤᠳᠠᠭ

ᠠᠯᠭᠠᠰᠠᠯ ᠥᠭᠡᠢ ᠮᠠᠠᠳᠤᠭᠰᠠᠨ ᠨᠠᠷᠠ ᠰᠠᠷᠠᠨ ᠤ ᠳᠤᠤᠷ᠎ᠠ

ᠠᠮᠵᠢᠵᠤ ᠠᠭᠤᠯᠵᠠᠭᠰᠠᠨ ᠳᠡᠯᠡᠭᠡᠢ ᠳᠡᠭᠡᠨ ᠬᠠᠢ᠌ᠷ᠎ᠠ ᠭᠦᠷᠴᠤ ᠳᠠᠪᠠᠷᠢᠮᠠᠷ ᠪᠣᠯᠳᠠᠭ

ᠳᠠᠨ ᠤ ᠳᠦᠯᠦᠭᠡ ᠥᠭᠦᠨ᠎ᠡ ᠭᠡᠳᠡᠭ᠌ ᠠᠮᠠᠷᠬᠠᠨ

ᠳᠠᠨ ᠢ ᠵᠠᠶᠠᠭᠠᠭᠰᠠᠨ ᠪᠦᠭᠦᠨ ᠤ ᠳᠦᠯᠦᠭᠡ ᠠᠮᠢᠳᠤᠷᠠᠬᠤ ᠰᠠᠨ ᠭᠡᠵᠤ ᠪᠣᠳᠤᠳᠠᠭ


1991᠂ 12᠂ 06


ᠡᠷᠭᠡ ᠴᠢᠯᠦᠭᠡ


ᠴᠢᠯᠦᠭᠡᠳᠡᠢ ᠣᠮᠤᠭᠯᠠᠩ ᠳᠤᠷ᠎ᠠ ᠪᠠᠷ ᠪᠠᠢ᠌ᠬᠤ ᠪᠢ ᠳᠤᠷᠠᠳᠠᠢ

ᠴᠢᠳᠤᠷ ᠶᠢᠠᠨ ᠳᠠᠰᠤᠳᠠᠵᠤ ᠭᠦᠶ‍ᠦᠳᠡᠭ᠌ ᠮᠤᠷᠢᠳ

ᠠᠳᠤᠭᠤᠨ ᠳᠠᠭᠠᠨ ᠬᠠᠢ᠌ᠷᠠᠳᠠᠢ

ᠳᠠᠯ᠎ᠠ ᠶᠢᠨ ᠰᠢᠪᠠᠭᠤᠳ ᠳᠤᠤᠷ ᠳᠤ ᠪᠣᠰᠤ

ᠳᠠᠯ᠎ᠠ ᠳᠠᠭᠠᠨ ᠵᠢᠷᠭᠢᠭᠦ ᠳᠤᠷᠠᠳᠠᠢ

ᠳᠠᠪᠠ ᠪᠠᠨ ᠶᠢᠡᠨ ᠪᠣᠰᠤ

ᠣᠷᠴᠢᠯᠠᠩ ᠤᠨ ᠦᠪᠡᠷ ᠤᠨ

ᠡᠷᠭᠡ ᠴᠢᠯᠦᠭᠡᠨ ᠳᠤ ᠳᠤᠷᠠᠳᠠᠢ

ᠬᠠᠵᠠᠭᠠᠷ ᠦᠭᠡᠶ ᠤᠨᠤᠭ᠎ᠠ᠂ ᠪᠦᠰᠡᠯᠡᠭᠦᠷ ᠦᠭᠡᠶ ᠡᠷ᠎ᠡ ᠭᠡᠵᠤ

ᠪᠠᠢ᠌ᠳᠠᠭ ᠦᠭᠡᠶ

ᠡᠷᠭᠡ ᠴᠢᠯᠦᠭᠡ ᠭᠡᠵᠤ ᠭᠡᠴᠦᠨᠡᠨ ᠴᠤ ᠬᠠᠰᠭᠢᠷᠤᠯ᠎ᠠ ᠭᠡᠰᠡᠨ ᠴᠤ

ᠡᠨᠡᠦᠭᠡᠨ ᠳᠡᠭᠡᠨ ᠪᠢ ᠬᠤᠷᠢᠶᠠᠨ ᠳᠤ ᠪᠠᠢ᠌ᠬᠤ ᠳᠤᠷᠠᠳᠠᠢ

ᠡᠯᠢᠭᠡ ᠳᠠᠷᠤᠤ ᠢᠵᠢᠢ᠂ ᠡᠴᠢᠭᠡ ᠶᠢᠨ ᠮᠢᠨᠢ ᠭᠤᠯᠤᠮᠳᠠ

ᠰᠠᠤᠠᠭᠢᠯ ᠢ ᠮᠢᠨᠢ ᠭᠦᠯᠢᠳᠡᠭ᠌

ᠡᠩᠭᠡᠷ ᠲᠡᠭᠡᠨ ᠳᠡᠪᠠᠷᠢᠭ᠍ᠰᠡᠨ ᠦᠷ᠎ᠡ᠂ ᠨᠠᠰᠤᠨ ᠤ ᠬᠠᠨᠢ ᠮᠢᠨᠢ

ᠨᠠᠳᠠ ᠶᠢ ᠬᠤᠷᠢᠳᠠᠭ

ᠡᠯᠢᠭᠡᠨ ᠰᠠᠳᠤᠨ᠂ ᠠᠷᠠᠤᠨ ᠳᠦᠮᠡᠨ᠂ ᠡᠭᠡ ᠣᠷᠤᠨ ᠮᠢᠨᠢ

ᠨᠠᠮᠢ᠋ᠢ ᠬᠤᠷᠢᠳᠠᠭ

ᠡᠭᠦᠨ ᠡᠴᠡ ᠢᠯᠡᠭᠦᠤ ᠡᠷᠭᠡ ᠴᠢᠯᠦᠭᠡ ᠪᠠᠷ

ᠣᠷᠴᠢᠯᠠᠩ ᠳᠤ ᠪᠢ ᠶᠠᠭᠠᠭᠢᠬᠤ ᠪᠣᠢ᠃


ᠰᠤᠳᠤᠨ


ᠬᠠᠮᠤᠭ ᠤᠨ ᠰᠤᠳᠤᠨ ᠴᠢᠯᠠᠭᠤ ᠴᠢᠯᠠᠭᠤᠳ ᠶᠢᠡᠷ ᠳᠤᠭᠯᠠᠳᠠᠭ ᠪᠠᠢ᠌ᠭᠰᠠᠨ

ᠬᠠᠮᠤᠭ ᠤᠨ ᠰᠤᠳᠤᠨ ᠳᠤᠤᠵᠠ ᠪᠠᠷ ᠭᠡᠵᠢᠭᠡ ᠪᠠᠨ ᠭᠤᠶᠤᠳᠠᠭ ᠪᠠᠢ᠌ᠭᠰᠠᠨ

ᠬᠠᠮᠤᠭ ᠤᠨ ᠰᠤᠳᠤᠨ ᠥᠯᠢᠭᠡᠷ ᠢ ᠶᠠᠷᠢᠭᠤᠯᠳᠠᠭ ᠪᠠᠢ᠌ᠭᠰᠠᠨ

ᠬᠠᠮᠤᠭ ᠡᠴᠡ ᠰᠤᠳᠤᠨ ᠠᠮᠢᠳᠤᠷᠠᠨ᠎ᠠ︕ ᠭᠡᠵᠤ

ᠥᠪᠠᠷᠳᠡᠭᠡᠨ ᠠᠠᠳᠠᠭᠠᠢ᠌ᠯᠠᠳᠠᠭ ᠪᠠᠢ᠌ᠭᠰᠠᠨ ᠭᠡᠨᠡᠨ ᠨᠠᠰᠤ ᠮᠢᠨᠢ ᠭᠦᠭᠡᠷᠦᠭᠦᠢ

ᠠᠭᠳᠠᠨ ᠤ ᠮᠤᠷᠢ ᠰᠢᠭ ᠣᠨ ᠵᠢᠯ ᠤᠳ ᠬᠤᠷᠳᠤᠯᠠᠵᠤ

ᠠᠮᠢᠳᠤᠷᠠᠯ ᠬᠠᠷᠢᠨ ᠨᠠᠮᠢ᠋ᠢ ᠳᠤᠭᠤᠰᠤᠨ ᠤ ᠭᠢᠨᠢ ᠥᠩᠭᠡ ᠪᠠᠷ ᠪᠣᠳᠤᠴᠢᠬᠠᠵᠠᠢ

ᠬᠠᠮᠤᠭ ᠤᠨ ᠰᠤᠳᠤᠨ ᠴᠢᠯᠠᠭᠤᠳ ᠮᠢᠨᠢ ᠪᠠᠯ ᠶᠢᠡᠨ ᠳᠠᠭᠠᠭᠠᠤᠨ ᠦᠯᠠᠳᠠᠪᠠ

ᠬᠠᠮᠤᠭ ᠤᠨ ᠰᠤᠳᠤᠨ ᠳᠤᠤᠵᠠ ᠮᠢᠨᠢ ᠰᠡᠮᠡᠷᠡᠭᠡᠤᠨ ᠳᠠᠭᠤᠰᠪᠠ

ᠬᠠᠮᠤᠭ ᠡᠴᠡ ᠰᠤᠳᠤᠨ ᠠᠮᠢᠳᠤᠷᠠᠨ᠎ᠠ ᠭᠡᠳᠡᠭ᠌ ᠲᠤ ᠦᠪᠡᠷ ᠶᠢᠡᠨ ᠴᠤ ᠢᠳᠡᠭᠡᠭᠦ ᠪᠠᠨ ᠪᠣᠯᠢᠪᠠ

ᠬᠠᠮᠤᠭ ᠤᠨ ᠰᠤᠳᠤᠨ ᠥᠯᠢᠭᠡᠷ ᠢ ᠭᠦᠤ ᠳᠡᠭᠡᠨ ᠶᠠᠷᠢᠬᠤ ᠮᠢᠨᠢ ᠯᠠ ᠦᠯᠠᠳᠠᠵᠠᠢ᠃

1991᠂ 06᠂ 18

ᠵᠤᠬᠢᠶᠠᠭᠴᠢ᠄ ᠴᠤᠤᠳᠠᠯ ᠤᠨ ᠬᠤᠯᠠᠨ
ᠢᠷᠡᠯᠲᠡ᠄ ᠰᠠᠮᠪᠠᠷ᠎ᠠ ᠡᠴᠡ ᠰᠢᠯᠢᠪᠠ (ᠠᠷᠤᠤᠬᠠᠨ)
ᠬᠠᠷᠢᠶ᠎ᠠ᠄ ᠰᠢᠯᠦᠭ
ᠳᠠᠷᠤᠮ᠄ 6250
ᠴᠠᠭ᠄ 2007 ᠤᠨ ᠤ 11 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁