ᠵᠢᠷᠤᠭ᠎ᠠ ᠥᠭᠡ

ᠬᠠᠷ᠎ᠠ ᠮᠤᠷᠢ


ᠬᠠᠭᠠᠨ ᠤ ᠬᠠᠷ᠎ᠠ ᠮᠤᠷᠢ

ᠮᠤᠷᠢᠨ ᠤ ᠮᠤᠬᠤᠷ ᠳᠡᠷᠭᠡ

ᠳᠡᠷᠭᠡᠨ ᠤ ᠳᠠᠷᠠ ᠪᠣᠯᠳᠤᠭ

ᠪᠣᠯᠳᠤᠭ ᠤᠨ ᠪᠣᠷᠤ ᠨᠠᠴᠢᠨ

ᠨᠠᠴᠢᠨ ᠤ ᠨᠢ᠋ᠮᠠᠨ ᠲᠦᠯᠭᠡ

ᠲᠦᠯᠭᠡ ᠶᠢᠨ ᠳᠦᠪᠦᠭᠡᠷ ᠠᠭᠤᠯᠠ

ᠠᠭᠤᠯᠠ ᠶᠢᠨ ᠠᠬᠠᠷ ᠴᠢᠯᠠᠭᠤ

ᠴᠢᠯᠠᠭᠤᠨ ᠤ ᠱᠤᠩᠬᠤᠷ ᠭᠡᠭᠡᠷ

ᠭᠡᠭᠡᠷ ᠤᠨ ᠭᠡᠳᠤ ᠮᠤᠩᠭ᠋ᠤᠯ

ᠮᠤᠩᠭ᠋ᠤᠯ ᠤᠨ ᠮᠤᠳᠤᠨ ᠣᠶᠠᠭ᠎ᠠ

ᠣᠶᠠᠭᠠᠨ ᠤ ᠣᠷᠠᠨ ᠴᠢᠮᠡᠭ᠌

ᠣᠷᠠᠨ ᠴᠢᠮᠡᠭ᠌ ᠤᠨ ᠬᠤᠳᠠᠯᠠ ᠪᠦᠭᠡ

ᠪᠦᠭᠡ ᠶᠢᠨ ᠪᠢᠴᠢᠬᠠᠨ ᠳᠠᠤᠯᠠᠢ

ᠳᠠᠤᠯᠠᠢ ᠶᠢᠨ ᠳᠤᠤᠬᠠᠢ ᠬᠠᠯᠪᠠᠭ᠎ᠠ

ᠬᠠᠯᠪᠠᠭᠠᠨ ᠬᠠᠳᠠᠷ ᠶᠡᠭᠡ ᠪᠦᠭᠡ

ᠪᠦᠭᠡ ᠶᠢᠨ ᠪᠢᠳᠡᠭᠦᠤ ᠭᠡᠴᠡ

ᠭᠡᠴᠡ ᠶᠢᠨ ᠭᠦᠩᠭᠡᠨ ᠳᠣᠢ᠌ᠪᠣᠷ

ᠳᠣᠢ᠌ᠪᠣᠷ ᠤᠨ ᠬᠤᠰᠢᠭᠤ ᠵᠠᠯᠠᠭ᠎ᠠ

ᠵᠠᠯᠠᠭᠠᠨ ᠤ ᠵᠢᠳᠠᠨ ᠳᠡᠭ᠍ᠷᠢ

ᠳᠡᠭ᠍ᠷᠢ ᠶᠢᠨ ᠳᠦᠷᠭᠡᠨ ᠳᠤᠪᠢᠶᠤᠳᠠᠢ

ᠳᠤᠪᠢᠶᠤᠳᠠᠢ ᠶᠢᠨ ᠰᠠᠯᠭᠢᠨ ᠰᠠᠮᠠᠰᠬᠠᠨ

ᠰᠠᠮᠠᠰᠬᠠᠨ ᠤ ᠴᠠᠭᠠᠨ ᠪᠠᠶ᠎ᠠ

ᠪᠠᠶ᠎ᠠ ᠶᠢᠨ ᠪᠣᠯᠳᠤᠭᠠᠷ ᠭᠦᠭᠦ

ᠭᠦᠭᠦ ᠶᠢᠨ ᠬᠤᠨᠴᠠᠭᠠᠨ ᠣᠭᠤᠷᠠᠭ

ᠣᠭᠤᠷᠠᠭ ᠤᠨ ᠦᠣᠡᠭᠡᠨ ᠳᠠᠷᠠᠭ

ᠳᠠᠷᠠᠭ ᠤᠨ ᠳᠠᠪᠬᠤᠷ ᠰᠠᠭᠤᠯᠭ᠎ᠠ

ᠰᠠᠭᠤᠯᠭᠠᠨ ᠤ ᠬᠠᠳᠠᠭᠤ ᠠᠷᠢᠭᠢ

ᠠᠷᠢᠭᠢᠨ ᠤ ᠠᠷᠪᠠᠨ ᠰᠢᠷ᠎ᠠ

ᠰᠢᠷ᠎ᠠ ᠶᠢᠨ ᠶ‍ᠢᠰᠤᠨ ᠡᠪᠡᠳᠴᠢᠨ

ᠡᠪᠡᠳᠴᠢᠨ ᠤ ᠡᠪᠴᠢᠭᠦᠨ ᠤ ᠬᠠᠨᠢᠶᠠᠳᠠᠰᠤ

ᠬᠠᠨᠢᠶᠠᠳᠠᠰᠤ ᠶᠢᠨ ᠰᠢᠷ᠎ᠠ ᠢᠳᠡᠭᠡᠷ

ᠰᠢᠷ᠎ᠠ ᠢᠳᠡᠭᠡᠷ ᠤᠨ ᠰᠢᠷ᠎ᠠ ᠬᠤᠷᠤᠬᠠᠢ

ᠬᠤᠷᠤᠬᠠᠢ ᠶᠢᠨ ᠽᠠᠠᠳᠠᠨ ᠬᠤᠰᠢᠭᠤ

ᠬᠤᠰᠢᠭᠤᠨ ᠤ ᠬᠤᠷᠴᠠ ᠰᠢᠳᠤ

ᠰᠢᠳᠤᠨ ᠤ ᠴᠢᠩᠭ᠋᠎ᠠ ᠡᠷᠡᠤ

ᠡᠷᠡᠤ ᠶᠢᠨ ᠠᠩᠭ᠋ᠠᠬᠠᠢ ᠠᠮᠠ

ᠠᠮᠠᠨ ᠤ ᠬᠤᠷᠴᠠ ᠭᠡᠯᠡ

ᠭᠡᠯᠡᠨ ᠤ ᠬᠤᠷᠳᠤᠨ ᠥᠭᠡ

ᠥᠭᠡ ᠶᠢᠨ ᠴᠢᠩᠭ᠋᠎ᠠ ᠡᠷᠴᠢ

ᠡᠷᠴᠢ ᠶᠢᠨ ᠢᠯᠳᠠᠮ ᠰᠠᠨᠠᠭ᠎ᠠ

ᠰᠠᠨᠠᠭᠠᠨ ᠤ ᠰᠠᠢ᠌ᠬᠠᠨ ᠵᠤᠭ᠎ᠠ

ᠵᠤᠭ᠎ᠠ ᠶᠢᠨ ᠵᠤᠯᠭᠠᠬᠤ ᠮᠦᠷᠤ

ᠮᠦᠷᠤᠨ ᠤ ᠣᠯᠠᠨ ᠴᠢᠳᠠᠯ

ᠴᠢᠳᠠᠯ ᠤᠨ ᠴᠢᠩᠭ᠋᠎ᠠ ᠪᠠᠢ᠌ᠳᠠᠯ

ᠪᠠᠢ᠌ᠳᠠᠯ ᠤᠨ ᠪᠠᠷᠠᠭᠤᠨ ᠭᠡᠭᠡᠷ᠎ᠡ

ᠭᠡᠭᠡᠷ᠎ᠡ ᠶᠢᠨ ᠬᠤᠰᠤ ᠮᠤᠳᠤ

ᠮᠤᠳᠤᠨ ᠤ ᠮᠤᠩᠭ᠋ᠤᠯ ᠣᠶᠠᠭ᠎ᠠ

ᠣᠶᠠᠭᠠᠨ ᠤ ᠴᠢᠭᠢ ᠵᠢᠯᠠᠮᠠᠢ

ᠵᠢᠯᠠᠮᠠᠢ ᠶᠢᠨ ᠽᠠᠠᠳᠠᠨ ᠵᠤᠳᠤᠭ᠎ᠠ

ᠵᠤᠳᠤᠭᠠᠨ ᠤ ᠵᠢᠷᠠᠨ ᠳᠡᠭ᠍ᠷᠢ

ᠳᠡᠭ᠍ᠷᠢ ᠶᠢᠨ ᠮᠢᠩᠭ᠋ᠠᠨ ᠴᠠᠭᠠᠨ ᠪᠣᠷᠬᠠᠨ

ᠪᠣᠷᠬᠠᠨ ᠤ ᠪᠣᠵᠠᠷ ᠳᠡᠯᠡᠭᠡᠢ

ᠳᠡᠯᠡᠭᠡᠢ ᠶᠢᠨ ᠳᠦᠷᠪᠡᠨ ᠳᠢᠪ

ᠳᠢᠪ ᠤᠨ ᠳᠤᠯᠤᠭᠠᠨ ᠭᠡᠯᠡ

ᠠᠷᠪᠠᠨ ᠭᠤᠷᠪᠠᠨ ᠬᠠᠭᠠᠨ᠃

《ᠮᠤᠩᠭ᠋ᠤᠯ ᠠᠷᠠᠤᠨ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 ᠡᠴᠡ ᠠᠪᠣᠪᠠ᠃


ᠭᠦᠨ ᠬᠤᠤᠠᠳᠤᠭ


ᠭᠦᠨ ᠬᠤᠤᠠᠳᠤᠭ

ᠭᠦᠩᠭᠦᠷ ᠴᠡᠴᠡᠭ᠌

ᠴᠡᠴᠡᠭ᠌ ᠨᠢ ᠴᠡᠭᠡᠨ ᠠᠯᠠᠭ

ᠠᠯᠠᠭ ᠨᠢ ᠨᠢ᠋ᠮᠠᠨ ᠭᠡᠯᠭᠢᠶ᠎ᠡ

ᠭᠡᠯᠭᠢᠶ᠎ᠡ ᠨᠢ ᠭᠡᠭᠡᠷ ᠵᠡᠭᠡᠷ᠎ᠡ

ᠵᠡᠭᠡᠷ᠎ᠡ ᠶᠢᠨ ᠵᠤᠰᠤᠨ ᠥᠡᠳᠡᠭᠡ

ᠥᠡᠳᠡᠭᠡ ᠶᠢᠨ ᠥᠭᠡᠭᠦᠨ ᠴᠢᠯᠠᠭᠤᠨ

ᠴᠢᠯᠠᠭᠤᠨ ᠤ ᠴᠤᠭᠳᠤ ᠬᠠᠭᠠᠨ

ᠬᠠᠭᠠᠨ ᠤ ᠬᠤᠷᠤᠬᠠᠢ ᠪᠢᠴᠢᠭ᠌

ᠪᠢᠴᠢᠭ᠌ ᠨᠢ ᠪᠠᠢ᠌ᠷ ᠬᠤᠭᠤᠷ

ᠬᠤᠭᠤᠷ ᠤᠨ ᠬᠤᠠᠳᠤᠤ ᠭᠠᠯᠠᠭᠤ

ᠭᠠᠯᠠᠭᠤ ᠶᠢᠨ ᠭᠠᠵᠠᠷ ᠣᠰᠤᠨ

ᠣᠰᠤᠨ ᠤ ᠣᠯᠠᠨ ᠮᠤᠩᠭ᠋ᠤᠯ

ᠮᠤᠩᠭ᠋ᠤᠯ ᠤᠨ ᠮᠤᠳᠤᠨ ᠭᠦᠷᠢᠶ᠎ᠡ

ᠭᠦᠷᠢᠶᠡᠨ ᠤ ᠭᠦᠭᠡ ᠰᠢᠪᠠᠭᠤᠨ

ᠰᠢᠪᠠᠭᠤᠨ ᠤ ᠱᠤᠩᠬᠤᠷ ᠨᠤᠶᠠᠨ

ᠨᠤᠶᠠᠨ ᠤ ᠨᠤᠬᠠᠢ ᠳᠠᠭᠠᠭᠤᠯᠢ

ᠳᠠᠭᠠᠭᠤᠯᠢ ᠶᠢᠨ ᠳᠠᠪᠣᠰᠤᠨ ᠭᠡᠭᠡᠷ

ᠭᠡᠭᠡᠷ ᠤᠨ ᠭᠡᠴᠢᠨ ᠨᠠᠴᠢᠨ

ᠨᠠᠴᠢᠨ ᠤ ᠨᠢ᠋ᠮᠠᠨ ᠳᠦᠭᠡᠯ

ᠳᠦᠭᠡᠯ ᠤᠨ ᠳᠡᠭᠦᠰ ᠬᠠᠭᠠᠨ

ᠬᠠᠭᠠᠨ ᠤ ᠬᠠᠷ᠎ᠠ ᠲᠦᠯᠭᠡ

ᠲᠦᠯᠭᠡ ᠶᠢᠨ ᠳᠡᠵᠢᠭᠡᠪᠦᠷᠢ

《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ᠃


ᠭᠡᠳᠤᠨ ᠮᠤᠩᠭ᠋ᠤᠯ


ᠮᠤᠩᠭ᠋ᠤᠯ ᠤᠨ ᠮᠤᠳᠤᠨ ᠭᠦᠷᠢᠶ᠎ᠡ

ᠭᠦᠷᠢᠶᠡᠨ ᠤ ᠭᠦᠴᠤᠨ ᠨᠠᠴᠢᠨ

ᠨᠠᠴᠢᠨ ᠤ ᠨᠢ᠋ᠮᠠᠨ ᠭᠠᠯᠠᠭᠤ

ᠭᠠᠯᠠᠭᠤᠨ ᠤ ᠭᠠᠭᠴᠠ ᠥᠡᠳᠡᠭᠡ

ᠥᠡᠳᠡᠭᠡᠨ ᠤ ᠡᠪᠭᠡᠭᠡᠷ ᠴᠢᠯᠠᠭᠤ

ᠴᠢᠯᠠᠭᠤᠨ ᠤ ᠴᠦᠪᠭᠢ ᠳᠡᠯᠳᠡᠭᠡ

ᠳᠡᠯᠳᠡᠭᠡᠨ ᠤ ᠳᠠᠯᠠᠩ ᠬᠤᠰᠤᠭᠤᠷ

ᠬᠤᠰᠤᠭᠤᠷ ᠤᠨ ᠬᠤᠰᠠᠷ ᠪᠠᠳᠠᠷ

ᠪᠠᠳᠠᠷ ᠤᠨ ᠪᠠᠷᠡᠭ᠌ ᠰᠠᠢ᠌ᠷ

ᠰᠠᠢ᠌ᠷ ᠤᠨ ᠰᠠᠢ᠌ᠬᠠᠨ ᠨᠠᠭᠤᠷ

ᠨᠠᠭᠤᠷ ᠤᠨ ᠨᠤᠪᠠᠬᠠᠭ᠎ᠠ  ᠵᠢᠭᠠᠰᠤ

ᠵᠢᠭᠠᠰᠤᠨ ᠤ ᠵᠠᠷᠢᠮ ᠭᠡᠯᠭᠢᠶ᠎ᠡ᠃

《ᠮᠤᠩᠭ᠋ᠤᠯ ᠠᠷᠠᠤᠨ ᠤᠨ ᠠᠮᠠᠨ ᠵᠤᠬᠢᠶᠠᠯ》 ᠡᠴᠡ ᠰᠡᠢ᠌ᠷᠡᠭᠦᠯᠪᠡ᠃


ᠭᠡᠭᠡᠷ ᠮᠤᠷᠢ


ᠭᠡᠭᠡᠷ ᠮᠤᠷᠢ ᠭᠡᠵᠢᠮ ᠲᠡᠶ

ᠭᠡᠵᠢᠮ ᠪᠣᠯᠭᠠᠨ ᠰᠠᠴᠤᠭ ᠲᠡᠶ

ᠰᠠᠴᠤᠭ ᠪᠣᠯᠭᠠᠨ ᠮᠤᠯᠴᠤᠭ ᠲᠡᠶ

ᠮᠤᠯᠴᠤᠭ ᠪᠣᠯᠭᠠᠨ ᠥᠡᠳᠡᠭᠡ ᠲᠡᠶ

ᠥᠡᠳᠡᠭᠡ ᠪᠣᠯᠭᠠᠨ ᠠᠩᠭ᠋ᠠᠬᠠᠢ ᠲᠡᠶ᠃

《ᠬᠡᠦᠬᠡᠳ ᠤᠨ ᠠᠮᠠᠨ ᠵᠤᠬᠢᠶᠠᠯ ᠤᠨ ᠣᠴᠢᠷ》 ᠡᠴᠡ ᠠᠪᠣᠪᠠ᠃


ᠰᠢᠳᠠᠷ᠎ᠠ


ᠲ᠋ᠠᠩᠳᠠᠯ ᠴᠠᠭᠠᠨ ᠲᠡᠶ

ᠳᠠᠩᠳᠠ ᠭᠦᠯ ᠦᠭᠡᠶ

ᠭᠦᠡᠳᠡᠯᠢ ᠪᠠᠯ

ᠴᠠᠭᠠᠨ ᠨᠠᠭᠤᠷ ᠤᠨ ᠳᠠᠤᠯᠠᠢ

ᠳᠠᠤᠯᠠᠢ ᠶᠢᠨ ᠪᠦᠭᠦᠷᠭᠡ

ᠪᠦᠭᠦᠷᠭᠡ ᠶᠢᠨ ᠬᠠᠯᠪᠠᠭ᠎ᠠ

ᠬᠠᠯᠪᠠᠭ᠎ᠠ ᠶᠢᠨ ᠠᠭᠤᠯᠠ

ᠠᠭᠤᠯᠠ ᠶᠢᠨ ᠦᠯᠦᠨ ᠭᠡᠷᠢᠶ᠎ᠡ

ᠭᠡᠷᠢᠶᠡᠨ ᠤ ᠭᠡᠴᠡ ᠮᠤᠩᠭ᠋ᠤᠯ

ᠮᠤᠩᠭ᠋ᠤᠯ ᠤᠨ ᠮᠤᠳᠤᠨ ᠴᠡᠷᠢᠭ᠌

ᠴᠡᠷᠢᠭ᠌ ᠤᠨ ᠴᠡᠭᠡᠷ ᠬᠤᠶᠠᠭ

ᠬᠤᠶᠠᠭ ᠤᠨ ᠬᠤᠠᠳᠠᠨ ᠪᠦᠭᠡ

ᠪᠦᠭᠡ ᠶᠢᠨ ᠪᠦᠭ᠍ᠳᠦᠷ ᠰᠢᠷ᠎ᠠ ᠨᠤᠬᠠᠢ

ᠣᠯᠢᠬᠠᠨ ᠴᠢᠮᠡᠭ᠌

ᠣᠳᠠᠰᠤᠨ ᠰᠤᠯᠤᠩᠭ᠋᠎ᠠ ᠲᠡᠶ᠃

《ᠬᠡᠦᠬᠡᠳ ᠤᠨ ᠠᠮᠠᠨ ᠵᠤᠬᠢᠶᠠᠯ ᠤᠨ ᠣᠴᠢᠷ》 ᠡᠴᠡ ᠠᠪᠣᠪᠠ᠃


ᠥᠭᠡᠷ ᠴᠢᠯᠠᠭᠤ


ᠦᠨᠳᠦᠷ ᠠᠭᠤᠯᠠ ᠶᠢᠨ ᠦᠪᠣᠷ ᠲᠤ ᠥᠭᠡᠷ ᠴᠢᠯᠠᠭᠤ

ᠥᠭᠡᠷ ᠴᠢᠯᠠᠭᠤᠨ ᠤ ᠴᠤᠬᠤ ᠳᠠᠯᠳᠠᠩ

ᠳᠠᠯᠳᠠᠩ ᠤᠨ ᠳᠠᠯᠠᠨ ᠭᠢᠭᠤᠷᠰᠤ

ᠭᠢᠭᠤᠷᠰᠤᠨ ᠳᠤ ᠬᠤᠠᠳᠤᠷᠭᠤ ᠪᠦᠭᠡ

ᠪᠦᠭᠡ ᠶᠢᠨ ᠪᠦᠰᠡ ᠬᠠᠯᠪᠠᠭ᠎ᠠ

ᠬᠠᠯᠪᠠᠭᠠᠨ ᠤ ᠬᠠᠢ᠌ᠳᠠᠷ ᠪᠣᠢ᠌ᠳᠤᠷ

ᠪᠣᠢ᠌ᠳᠤᠷ ᠤᠨ ᠪᠢᠯᠢᠭ᠌ ᠨᠠᠭᠤᠷ

ᠨᠠᠭᠤᠷ ᠤᠨ ᠨᠤᠬᠠᠢ ᠭᠡᠭᠡᠷ᠎ᠡ

ᠭᠡᠭᠡᠷ᠎ᠡ ᠶᠢᠨ ᠭᠡᠰᠡᠭ᠌ ᠮᠤᠳᠤ᠃

《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ᠃


ᠬᠤᠷᠭᠤᠢ ᠮᠠᠩᠨᠤᠭ


ᠬᠤᠶᠠᠷ ᠭᠦᠮᠤᠨ ᠤ ᠬᠤᠭᠤᠷᠤᠠᠳᠤ ᠬᠤᠷᠭᠤᠢ ᠮᠠᠩᠨᠤᠭ

ᠮᠠᠩᠨᠤᠭ ᠲᠤ ᠨᠢ ᠭᠡ ᠬᠤᠸᠠᠷ

ᠭᠡ ᠬᠤᠸᠠᠷ ᠲᠤ ᠨᠢ ᠬᠤᠠᠳᠠᠷ ᠡᠯᠵᠢᠭᠡ

ᠡᠯᠵᠢᠭᠡᠨ ᠳᠤ ᠨᠢ ᠡᠭᠡᠯ ᠪᠣᠭᠤᠯ

ᠪᠣᠭᠤᠯ ᠳᠤ ᠨᠢ ᠪᠣᠷᠤ ᠭᠠᠯᠠᠭᠤ

ᠭᠠᠯᠠᠭᠤᠨ ᠳᠤ ᠨᠢ ᠭᠠᠵᠠᠷ ᠣᠰᠤ

ᠣᠰᠤ ᠳᠤ ᠨᠢ ᠣᠯᠤᠰ ᠮᠤᠩᠭ᠋ᠤᠯ

ᠮᠤᠩᠭ᠋ᠤᠯ ᠳᠤ ᠨᠢ ᠮᠤᠳᠤᠨ ᠳᠣᠢ᠌ᠤᠠᠬᠠᠷ

ᠳᠣᠢ᠌ᠤᠠᠬᠠᠷ ᠲᠤ ᠨᠢ ᠳᠤᠯᠢ ᠮᠡᠷᠭᠡᠨ

ᠮᠡᠷᠭᠡᠨ ᠳᠤ ᠨᠢ ᠮᠡᠳᠡᠭᠡᠷ ᠬᠤᠶᠠᠷ᠃

《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ᠃


ᠳᠡᠮᠡᠭᠡ ᠳᠡᠮᠡᠭᠡ


ᠲ᠋ᠡᠮᠡᠭᠡ ᠳᠡᠮᠡᠭᠡ ᠳᠠᠩ ᠤᠨ ᠳᠤᠯᠤᠭ᠎ᠠ

ᠳᠤᠯᠤᠭᠠᠨ ᠤ ᠪᠠᠨ ᠳᠤᠭᠤᠷᠤᠤ ᠮᠤᠭᠤᠷᠤᠤ

ᠮᠤᠭᠤᠷᠤᠤ ᠶᠢᠨ ᠶᠢᠡᠨ ᠮᠤᠬᠤᠷ ᠭᠠᠯᠠᠭᠤ

ᠭᠠᠯᠠᠭᠤᠨ ᠤ ᠪᠠᠨ ᠭᠠᠳᠠᠮ ᠤᠨ ᠵᠢᠭᠠᠰᠤ

ᠵᠢᠭᠠᠰᠤ ᠶᠢᠨ ᠶᠢᠡᠨ ᠵᠠᠭᠠᠨ ᠤ ᠨᠢᠷᠤᠭᠤ

ᠨᠢᠷᠤᠭᠤᠨ ᠤ ᠪᠠᠨ ᠨᠤᠭᠳᠤ ᠭᠡᠭᠡᠯᠢ

ᠭᠡᠭᠡᠯᠢ ᠶᠢᠨ ᠶᠢᠡᠨ ᠭᠡᠳᠤ ᠶᠢᠨ ᠮᠤᠩᠭ᠋ᠤᠯ

ᠮᠤᠩᠭ᠋ᠤᠯ ᠤᠨ ᠮᠤᠳᠤᠨ ᠭᠦᠷᠢᠶ᠎ᠡ

ᠭᠦᠷᠢᠶᠡᠨ ᠤ ᠭᠦᠴᠤᠨ ᠨᠠᠴᠢᠨ

ᠨᠠᠴᠢᠨ ᠤ ᠨᠢ᠋ᠮᠠᠨ ᠭᠠᠯᠠᠭᠤ

ᠭᠠᠯᠠᠭᠤᠨ ᠤ ᠭᠠᠭᠴᠠ ᠥᠡᠳᠡᠭᠡ

ᠥᠡᠳᠡᠭᠡᠨ ᠤ ᠥᠪᠦᠭᠡᠷ ᠴᠢᠯᠠᠭᠤ

ᠴᠢᠯᠠᠭᠤᠨ ᠤ ᠴᠤᠪᠭᠢ ᠳᠡᠯᠳᠡᠭᠡ

ᠳᠡᠯᠳᠡᠭᠡᠨ ᠤ ᠳᠠᠯᠠᠩ ᠬᠤᠰᠤᠭᠤᠷ

ᠬᠤᠰᠤᠭᠤᠷ ᠤᠨ ᠬᠤᠰᠠᠷ ᠪᠢᠯᠳᠠᠷ

《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ᠃


ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2217
ᠴᠠᠭ᠄ 2010 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁