ᠭᠠᠷ ᠴᠠᠭ ᠶᠢᠡᠷ ᠵᠥᠭ᠌ ᠴᠢᠭ᠌ ᠢ ᠳᠠᠨᠢᠬᠤ

ᠭᠠᠷ ᠴᠠᠭ ᠶᠢᠡᠷ ᠵᠥᠭ᠌ ᠢ ᠳᠤᠭᠳᠠᠭᠠᠵᠤ ᠳᠡᠢ᠌ᠯᠭᠦ ᠦᠦ︖ ᠳᠠᠢ᠌ᠯᠤᠨ᠎ᠠ᠃ ᠠᠷᠭ᠎ᠠ ᠨᠢ ᠳᠣᠢ᠌ᠯ ᠤᠨ ᠭᠢᠯᠪᠠᠷ ᠄ ᠳᠤᠬᠠᠢ ᠶᠢᠨ ᠴᠠᠭ ᠢ ᠬᠤᠶᠠᠷ ᠶᠢᠡᠷ ᠬᠤᠪᠢᠶᠠᠵᠤ᠂ ᠣᠯᠤᠭᠰᠠᠨ ᠨᠤᠭᠳᠠᠪᠣᠷᠢ ᠶᠢᠨ ᠭᠡᠮᠵᠢᠭ᠍ᠳᠡᠯ ᠢ ᠴᠠᠭ ᠤᠨ ᠳᠡᠭᠡᠷᠡᠭᠢ ᠳᠤᠭ᠎ᠠ ᠲᠡᠶ ᠬᠠᠷᠭᠤᠭᠤᠯᠵᠤ᠂ ᠳᠠᠷᠠᠭ᠎ᠠ ᠨᠢ ᠡᠨᠡ ᠳᠤᠭ᠎ᠠ ᠶᠢᠨ ᠵᠢᠭᠠᠭᠰᠠᠨ ᠴᠢᠭᠯᠡᠯ ᠢ ᠨᠠᠷᠠ ᠡᠰᠡᠷᠭᠦ ᠬᠠᠠᠳᠤᠭᠤᠯᠪᠠᠯ᠂ ᠴᠠᠭ ᠤᠨ ᠳᠡᠭᠡᠷᠡᠭᠢ 12 ᠤᠨ ᠵᠢᠭᠠᠭᠰᠠᠨ ᠴᠢᠭᠯᠡᠯ ᠨᠢ ᠳᠠᠷᠤᠢ ᠣᠮᠠᠷ᠎ᠠ᠃

ᠵᠢᠱᠢᠶᠠᠯᠠᠪᠠᠯ᠂ ᠳᠤᠬᠠᠢ ᠶᠢᠨ ᠴᠠᠭ ᠨᠢ ᠦᠳᠡ ᠶᠢᠨ ᠡᠮᠦᠨᠡᠭᠢ 10 ᠴᠠᠭ ᠪᠣᠯ᠂ 10 ᠶᠢ 2 ᠶᠢᠡᠷ ᠬᠤᠪᠢᠶᠠᠪᠠᠯ ᠨᠤᠭᠳᠠᠪᠣᠷᠢ ᠨᠢ 5 ᠪᠣᠯᠤᠨ᠎ᠠ᠃ ᠴᠠᠭ ᠤᠨ ᠳᠡᠭᠡᠷᠡᠭᠢ 5 ᠵᠢ ᠨᠠᠷᠠ ᠡᠰᠡᠷᠭᠦ ᠬᠠᠠᠳᠤᠭᠤᠯᠪᠠᠯ᠂ ᠴᠠᠭ ᠤᠨ ᠳᠡᠭᠡᠷᠡᠭᠢ 12 ᠤᠨ ᠵᠢᠭᠠᠭᠰᠠᠨ ᠴᠢᠭᠯᠡᠯ ᠨᠢ ᠳᠠᠷᠤᠢ ᠣᠮᠠᠷ᠎ᠠ ᠵᠥᠭ᠌᠃

ᠠᠩᠬᠠᠷᠬᠤ ᠨᠢ᠄ ᠭᠡᠷᠪᠡ ᠦᠳᠡ ᠶᠢᠨ ᠬᠣᠢ᠌ᠨ᠎ᠠ ᠪᠣᠯ᠂ ᠡᠷᠭᠡᠪᠰᠢ 24 ᠴᠠᠭ ᠶᠢᠡᠷ ᠳᠡᠮᠳᠡᠭᠯᠡᠭᠦ ᠠᠷᠭ᠎ᠠ ᠪᠠᠷ ᠴᠠᠭ ᠢ ᠪᠣᠳᠤᠨ᠎ᠠ᠃ ᠵᠢᠱᠢᠶᠠᠯᠠᠪᠠᠯ᠂ ᠦᠳᠡ ᠶᠢᠨ ᠬᠣᠢ᠌ᠨ᠎ᠠ 4 ᠴᠠᠭ ᠢ 16 ᠴᠠᠭ ᠶᠢᠡᠷ ᠪᠣᠳᠤᠨ᠎ᠠ᠃

ᠵᠤᠬᠢᠶᠠᠭᠴᠢ᠄ ᠳᠤᠰ ᠰᠦᠯᠵᠢᠶ᠎ᠠ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3398
ᠴᠠᠭ᠄ 2005 ᠤᠨ ᠤ 11 ᠰᠠᠷ᠎ᠠ ᠶᠢᠨ 23