ᠪᠠᠢ᠌ᠪᠠᠯ

ᠳᠠᠩᠰᠤᠭ ᠰᠠᠢ᠌ᠬᠠᠨ ᠨᠤᠳᠤᠭ ᠮᠢᠨᠢ

ᠪᠦᠳᠤᠨ ᠶᠢᠡᠷ ᠶᠢᠡᠨ ᠪᠠᠢ᠌ᠪᠠᠯ

ᠳᠠᠪᠤᠨ ᠬᠤᠰᠢᠭᠤ ᠮᠠᠯ ᠮᠢᠨᠢ

ᠪᠦᠷᠢᠨ ᠶᠢᠡᠷ ᠶᠢᠡᠨ ᠪᠠᠢ᠌ᠪᠠᠯ

ᠠᠪᠣ ᠳᠡᠭᠡᠳᠦᠰ ᠤᠨ ᠮᠢᠨᠢ ᠱᠠᠷᠢᠯ

ᠭᠦᠡᠳᠦᠭ᠍ᠳᠡᠭᠡ ᠦᠭᠡᠶ ᠪᠠᠢ᠌ᠪᠠᠯ

ᠠᠮᠤᠭᠤᠯᠠᠩ ᠳᠠᠢ᠌ᠪᠣᠩ ᠰᠢᠪᠠᠭᠤᠳ

ᠭᠦᠭᠡᠭ᠍ᠳᠡᠭᠡ ᠦᠭᠡᠶ ᠪᠠᠢ᠌ᠪᠠᠯ

ᠠᠷᠭᠠᠯ ᠤᠨ ᠴᠡᠩᠭᠡᠷ ᠣᠳᠤᠭ᠎ᠠ

ᠰᠤᠭᠤᠨᠠᠭᠯᠠᠩᠬᠠᠨ ᠪᠠᠢ᠌ᠪᠠᠯ

ᠠᠳᠤᠭᠤ ᠮᠠᠯ ᠤᠨ ᠮᠢᠨᠢ ᠪᠠᠯᠴᠢᠭᠡᠷ

ᠰᠤᠷᠭᠤᠭᠬᠠᠨ ᠪᠠᠢ᠌ᠪᠠᠯ

ᠣᠩᠭ᠋ᠤᠨ ᠬᠤᠯᠠᠨ ᠳᠠᠭᠢ

ᠳᠠᠯ᠎ᠠ ᠳᠡᠭᠡᠷ᠎ᠡ ᠪᠠᠨ ᠪᠠᠢ᠌ᠪᠠᠯ

ᠣᠪᠣᠭᠠᠨ ᠳᠠᠭᠢᠯᠭ᠎ᠠ ᠶᠢᠨ ᠮᠢᠨᠢ ᠴᠢᠯᠠᠭᠤ

ᠳᠤᠭ᠎ᠠ ᠪᠠᠷ ᠶᠢᠡᠨ ᠪᠠᠢ᠌ᠪᠠᠯ

ᠥᠯᠦᠭᠡᠢ ᠲᠡᠶ ᠨᠢᠯᠬ᠎ᠠ

ᠳᠡᠮᠡᠭᠡ ᠨᠢᠳᠤᠯᠠᠨ ᠪᠠᠢ᠌ᠪᠠᠯ

ᠦᠷᠪᠦᠭᠡ ᠭᠦᠡᠳᠡᠭᠡ ᠦᠭᠡᠶ ᠬᠡᠦᠬᠡᠳ

ᠮᠤᠷᠢ ᠵᠠᠢ᠌ᠳᠠᠯᠠᠨ ᠪᠠᠢ᠌ᠪᠠᠯ

ᠳᠠᠯ᠎ᠠ ᠶᠢᠨ ᠮᠠᠯᠴᠢᠳ

ᠳᠠᠯ᠎ᠠ ᠳᠡᠭᠡᠷ᠎ᠡ ᠪᠠᠨ ᠪᠠᠢ᠌ᠪᠠᠯ

ᠣᠢ ᠶᠢᠨ ᠠᠩᠴᠢᠳ

ᠣᠢ ᠳᠠᠭᠠᠨ ᠪᠠᠢ᠌ᠪᠠᠯ

ᠮᠤᠩᠭ᠋ᠤᠯ ᠮᠢᠨᠢ ᠮᠤᠩᠭ᠋ᠤᠯ ᠶᠢᠡᠷ ᠶᠢᠡᠨ ᠪᠠᠢ᠌ᠬᠤ ᠵᠢᠨ

ᠮᠥᠩᠭᠡ ᠶᠢᠨ ᠠᠷᠭᠠᠮᠵᠢᠶ᠎ᠠ ᠶᠤᠮ ᠰᠢᠤ ᠳ᠋ᠠ᠃

     2010.5.13  


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1624
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ