ᠬᠤᠷᠴᠢᠨ ᠊᠊᠊᠊᠊᠊᠊᠊᠊᠊᠊᠊᠊᠊᠊ ᠮᠢᠨᠤ ᠨᠤᠳᠤᠭ

ᠳᠤᠪᠷᠠᠭ ᠪᠣᠯᠵᠤ ᠪᠠᠷᠠᠭᠳᠠᠭᠰᠠᠨ

ᠳᠤᠯᠤᠭᠠᠨ ᠴᠤᠯᠠᠳᠠᠨ ᠤ ᠠᠭᠤᠯᠠᠰ ᠲᠡᠶ᠃

ᠳᠠᠯᠠᠢ ᠪᠣᠯᠵᠤ ᠳᠠᠪᠠᠯᠭᠠᠯᠠᠭᠰᠠᠨ  

ᠳᠠᠮᠤ ᠶᠢᠨ ᠮᠠᠩᠬᠠᠨ ᠤ ᠦᠷᠭᠡᠵᠢᠯ ᠲᠡᠶ᠃


ᠶᠡᠭᠡ ᠰᠠᠯᠭᠢᠨ ᠳᠤ ᠭᠡᠢ᠌ᠰᠦᠭ᠍ᠰᠡᠨ

ᠳᠡᠭ᠍ᠷᠢ ᠳᠠᠯ᠎ᠠ ᠶᠢᠨ ᠳᠤᠮᠤᠭ ᠲᠡᠶ᠃

ᠶᠠᠳᠠᠭᠤ ᠰᠤᠭᠳᠤᠭᠤ ᠨᠢ ᠣᠯᠠᠳᠠᠭᠰᠠᠨ

ᠳᠠᠴᠢᠷ ᠬᠠᠳᠠᠭᠤ ᠠᠮᠢᠳᠤᠷᠠᠯ ᠲᠡᠶ᠃


ᠳᠠᠷᠢᠶᠠᠨ ᠳᠤᠮᠳᠠ ᠪᠠᠨ ᠭᠡᠩᠰᠢᠭ᠍ᠰᠡᠨ

《ᠭᠠᠳᠠ ᠮᠠᠢ᠌ᠷᠠᠨ》 ᠊ᠤ ᠳᠠᠭᠤᠤ ᠲᠡᠶ᠃

ᠳᠤᠤᠷ ᠳᠤᠳᠤᠷ᠎ᠠ ᠠᠷᠭᠠᠮᠵᠢᠭᠰᠠᠨ

ᠭᠠᠭᠴᠠ ᠬᠤᠶᠠᠷ ᠳᠡᠵᠢᠭᠡᠪᠦᠷᠢ ᠲᠡᠶ᠃


ᠦᠯᠴᠢᠷ ᠡᠯᠰᠤᠨ ᠳᠤ ᠣᠷᠭᠤᠭᠰᠠᠨ

ᠪᠦᠭ᠍ᠳᠦᠷ ᠣᠳᠠᠨ ᠤ ᠦᠵᠡᠮᠤᠷᠢ ᠲᠡᠶ᠃

ᠦᠶᠡᠷᠯᠠᠵᠤ ᠪᠠᠷᠠᠪᠠᠯ ᠬᠠᠳᠠᠴᠢᠬᠠᠳᠠᠭ

ᠰᠢᠷ᠎ᠠ ᠮᠦᠷᠠᠨ ᠤ ᠥᠯᠢᠭᠡᠷ ᠲᠡᠶ᠃


ᠬᠠᠷ᠎ᠠ ᠳᠠᠷᠤᠭᠠᠤᠨ ᠰᠠᠷᠢᠰᠢ ᠦᠭᠡᠶ

ᠪᠠᠷᠠᠭᠠᠨ ᠰᠦᠨᠢ ᠶᠢᠨ ᠠᠶᠤᠩᠭ᠋ᠤᠷᠢ ᠰᠢᠭ

ᠬᠠᠮᠢᠭ᠎ᠠ ᠡᠴᠡ ᠵᠢᠪᠠᠷᠯᠠᠭᠰᠠᠨ ᠴᠤ ᠪᠣᠵᠢᠭᠢᠨᠠᠳᠠᠭ

ᠪᠠᠯᠠᠷ ᠡᠯᠡᠰᠤᠨ ᠰᠢᠭᠤᠷᠭ᠎ᠠ ᠲᠡᠶ᠃


ᠬᠠᠯᠠᠭᠤ ᠶᠠᠪᠣᠭᠠᠠᠤᠨ ᠭᠡᠨᠡᠳᠡᠭ᠍ᠰᠡᠨ

ᠪᠣᠰᠤᠳ ᠡᠴᠠ ᠨᠢᠭᠤᠬᠤ ᠡᠮᠵᠡᠭ᠌ ᠰᠢᠭ᠌

ᠬᠠᠰᠢᠶᠠᠯᠠᠭᠰᠠᠨ ᠮᠠᠯ᠂ ᠭᠠᠩᠳᠠᠭᠰᠠᠨ ᠳᠠᠷᠢᠶ᠎ᠠ

ᠠᠯᠢ ᠶᠢ ᠨᠢ ᠬᠠᠷᠠᠪᠠᠴᠤ ᠭᠦᠭᠡᠷᠦᠭᠦᠢ︕


ᠰᠥᠰᠦᠭᠯᠡᠭᠦ ᠳᠡᠭᠡᠨ ᠮᠦᠷᠭᠦᠳᠡᠩ ᠡᠴᠠ

ᠰᠦᠮ᠎ᠡ ᠶᠢᠨ ᠰᠢᠪᠠᠷ ᠪᠣᠷᠬᠠᠨ ᠲᠡᠶ᠂

ᠰᠦ᠋ ᠦᠭᠡᠶ ᠳᠡᠭᠡᠨ ᠡᠷᠭᠦᠳᠡᠭ᠌ ᠡᠴᠠ

ᠬᠠᠷ᠎ᠠ ᠠᠷᠢᠭᠢᠨ ᠤ ᠰᠠᠷᠵᠢᠮ ᠲᠡᠶ᠃


ᠮᠤᠩᠭ᠋ᠤᠯ ᠪᠢᠴᠢᠭ᠌ ᠭᠡᠷᠡᠭ᠌ ᠦᠭᠡᠶ ᠭᠡᠳᠡᠭ᠌

ᠮᠤᠵᠢᠭᠤ ᠨᠢᠭᠡ ᠣᠨᠠᠯᠳᠠ ᠲᠡᠶ᠂

ᠮᠠᠨ ᠤ ᠨᠤᠳᠤᠭ ᠶᠠᠳᠠᠭᠤ ᠭᠡᠳᠡᠭ᠌

ᠮᠤᠬᠤᠭᠤ ᠨᠢᠭᠡ ᠳᠠᠨᠢᠯᠳᠠ ᠲᠡᠶ᠃


ᠦᠪ ᠨᠡᠢ᠌ᠯᠡᠭᠦᠯᠤᠨ ᠡᠷᠭᠢᠯᠡᠭᠰᠡᠨ ᠴᠤ

ᠦᠨᠳᠦᠰᠦᠳᠠᠨ ᠤ ᠮᠤᠩᠭ᠋ᠤᠯ ᠰᠤᠷᠭᠠᠭᠤᠯᠢ ᠲᠡᠶ︕

ᠥᠭᠦᠯᠡᠪᠦᠷᠢ ᠳᠡᠭᠡᠨ ᠭᠤᠷᠪᠠᠨ ᠭᠡᠯᠡ ᠲᠡᠶ ᠴᠤ

ᠦᠪᠡᠷ ᠤᠨ ᠮᠤᠩᠭ᠋ᠤᠯ ᠨᠠᠢ᠌ᠷᠠᠯᠭ᠎ᠠ ᠲᠡᠶ︕


ᠬᠠᠯᠠᠰᠠᠬᠤ ᠳᠠᠭᠠᠨ ᠣᠮᠤᠭᠰᠢᠳᠠᠭ

ᠬᠠᠰᠠᠷ ᠤᠨ ᠮᠤᠩᠭ᠋ᠤᠯ ᠦᠷᠠᠰ ᠲᠡᠶ᠂

ᠬᠠᠷᠢᠯᠴᠠᠬᠤ ᠳᠠᠭᠠᠨ ᠭᠡᠷᠡᠭᠯᠡᠳᠡᠭ᠌

ᠭᠢᠳᠠᠤᠨ ᠮᠤᠩᠭ᠋ᠤᠯ ᠭᠡᠯᠡ ᠲᠡᠢ᠃


ᠭᠦᠭᠡ ᠳᠤᠷᠭᠠᠨ ᠳᠡᠷᠯᠢᠭ᠌ ᠤᠨ

ᠬᠤᠷᠮᠤᠢ ᠶᠢᠨ ᠭᠢᠨᠢ ᠰᠡᠮᠡᠷᠭᠡᠢ ᠡᠮᠵᠢᠶᠡᠷᠢ ︕

ᠬᠤᠰᠤᠨ ᠦᠨᠳᠦᠷ ᠣᠷᠭ᠎ᠠ ᠶᠢᠨ

ᠬᠣᠢ᠌ᠪᠢ ᠶᠢᠨ ᠭᠢᠨᠢ ᠳᠠᠰᠤᠷᠬᠠᠢ ᠭᠤᠭᠴᠤᠭ᠎ᠠ︕


ᠦᠨᠢᠷ ᠪᠠᠶᠠᠨ ᠰᠦᠷᠦᠭ᠌ ᠤᠨ

ᠭᠤᠯᠤᠩᠬᠠᠢ ᠪᠣᠳᠤᠭᠤ ᠶᠢᠨ ᠭᠢᠨᠢ ᠪᠣᠢ᠌ᠯᠠᠭ᠎ᠠ ︕

ᠦᠷᠯᠦᠭ᠌ ᠮᠤᠩᠭ᠋ᠤᠯ ᠰᠤᠶᠤᠯ ᠤᠨ

ᠭᠤᠮᠤᠷᠬᠠᠢ ᠭᠡᠯᠡ ᠤ ᠭᠢᠨᠢ ᠠᠪᠢᠶ᠎ᠠ︕


ᠨᠠᠷᠠᠨ ᠵᠥᠭ᠌ ᠤᠨ ᠶᠡᠭᠡ ᠬᠤᠷᠴᠢᠨ

ᠨᠠᠳᠠ ᠵᠠᠶᠠᠭᠠᠭᠰᠠᠨ ᠨᠤᠳᠤᠭ ᠡ᠂

ᠨᠠᠷᠮᠠᠢ ᠶᠡᠭᠡ ᠮᠤᠩᠭ᠋ᠤᠯ ᠤᠨ

ᠬᠤᠷᠴᠢᠨ ᠲᠦᠮᠡᠨ ᠤ ᠥᠯᠦᠭᠡᠢ ᠡ︕


ᠰᠠᠷᠠᠨ ᠳᠡᠷᠭᠡᠯ ᠽᠠᠮᠪᠣᠯᠢᠩ ᠤᠨ

ᠰᠠᠨᠠᠭ᠎ᠠ ᠠᠯᠳᠠᠮ᠎ᠠ ᠣᠷᠤᠨ ᠵᠠᠢ ︕

ᠰᠠᠶ᠎ᠠ ᠮᠤᠩᠭ᠋ᠤᠯ ᠣᠭᠰᠠᠭᠠᠳᠠᠨ ᠤ ᠮᠢᠨᠢ

ᠰᠡᠳᠭᠢᠯ ᠠᠯᠭᠠᠰᠠᠭᠤᠯᠬᠤ ᠭᠠᠵᠠᠷ ᠣᠰᠤᠨ︕


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠬᠠᠷᠢᠶ᠎ᠠ᠄ ᠰᠢᠯᠦᠭ
ᠳᠠᠷᠤᠮ᠄ 1836
ᠴᠠᠭ᠄ 2011 ᠤᠨ ᠤ 01 ᠰᠠᠷ᠎ᠠ ᠶᠢᠨ 04