ᠡᠭᠦᠳᠡᠨ ᠱᠨ
ᠠᠷᠠᠤᠨ ᠤᠨ ᠳᠠᠭᠤᠨ

        

    ᠡᠭᠦᠳᠡᠨ ᠱᠨ *︕ ᠡᠭᠦᠳᠡᠨ ᠱᠨ ︕

    ᠡᠪᠦᠯ ᠤᠨ ᠭᠦᠢᠳᠡᠨ ᠴᠢᠩᠭ᠋ᠠᠷᠪᠠ

    ᠦᠴᠢ * ᠳᠠᠪᠠᠯ ᠨᠢᠮᠭᠡᠤᠨᠪᠡ*

    ᠥᠨᠡᠭᠡᠷ ᠢᠨᠠᠭ ᠪᠣᠯᠬᠤᠯ᠎ᠠ

    ᠡᠭᠦᠳᠡ ᠪᠠᠨ ᠳᠠᠢ᠌ᠯᠠᠭᠠᠤᠨ ᠦᠭ‍ᠭᠦᠭᠡᠴᠢ︕


    ᠡᠭᠦᠳᠡᠨ ᠱᠨ ︕ ᠡᠭᠦᠳᠡᠨ ᠱᠨ ︕

    ᠬᠠᠪᠣᠷ ᠤᠨ ᠭᠦᠢᠳᠡᠨ ᠴᠢᠩᠭ᠋ᠠᠷᠪᠠ

    ᠬᠠᠭᠠᠷᠬᠠᠢ ᠳᠠᠪᠠᠯ ᠨᠢᠮᠭᠡᠤᠨᠪᠡ

    ᠬᠠᠢ᠌ᠷᠠᠳᠤ ᠢᠨᠠᠭ ᠪᠣᠯᠬᠤᠯ᠎ᠠ

    ᠡᠭᠦᠳᠡ ᠪᠠᠨ ᠳᠠᠢ᠌ᠯᠠᠠᠭᠠᠤᠨ ᠦᠭ‍ᠭᠦᠭᠡᠴᠢ ︕


     ᠡᠭᠦᠳᠡᠨ ᠱᠨ ︕ ᠡᠭᠦᠳᠡᠨ ᠱᠨ ︕

     ᠵᠤᠨ ᠤ ᠭᠦᠢᠳᠡᠨ ᠴᠢᠩᠭ᠋ᠠᠷᠪᠠ

     ᠵᠤᠪᠴᠤ * ᠳᠠᠪᠠᠯ ᠨᠢᠮᠭᠡᠤᠨᠪᠡ

     ᠵᠣᠢ᠌ᠳᠠᠢ ᠢᠨᠠᠭ ᠪᠣᠯᠬᠤᠯ᠎ᠠ

     ᠡᠭᠦᠳᠡ ᠪᠠᠨ ᠳᠠᠢ᠌ᠯᠠᠠᠭᠠᠤᠨ ᠦᠭ‍ᠭᠦᠭᠡᠴᠢ ︕


     ᠡᠭᠦᠳᠡᠨ ᠱᠨ ︕ ᠡᠭᠦᠳᠡᠨ ᠱᠨ ︕

     ᠨᠠᠮᠤᠷ ᠤᠨ ᠭᠦᠢᠳᠡᠨ ᠴᠢᠩᠭ᠋ᠠᠷᠪᠠ

     ᠨᠡᠭᠡᠢ* ᠳᠠᠪᠠᠯ ᠨᠢᠮᠭᠡᠤᠨᠪᠡ

     ᠨᠠᠢ᠌ᠷᠳᠠᠢ ᠢᠨᠠᠭ ᠪᠣᠯᠬᠤᠯ᠎ᠠ

     ᠡᠭᠦᠳᠡ ᠪᠠᠨ ᠳᠠᠢ᠌ᠯᠠᠠᠭᠠᠤᠨ ᠦᠭ‍ᠭᠦᠭᠡᠴᠢ ︕


     ᠊᠊᠊᠊᠊᠊᠊᠊᠊᠊᠊᠊᠊᠊᠊ * 《ᠡᠭᠦᠳᠡᠨ ᠱᠨ》  ᠭᠡᠮᠡᠭ᠍ᠴᠢ ᠡᠨᠡ ᠳᠠᠭᠤᠨ ᠪᠣᠯ ᠰᠢᠠᠵᠢᠶᠠᠩ ᠤᠨ ᠰᠠᠪᠠᠷᠳᠠᠩ ᠪᠦᠵᠢᠭ᠌ ᠤᠨ ᠠᠷᠪᠠᠨ ᠬᠤᠶᠠᠷ ᠠᠶᠠᠯᠭᠤ ᠶᠢᠨ ᠳᠤᠳᠤᠷᠠᠭᠢ 《ᠡᠭᠦᠳᠡᠨ ᠱᠨ》 ᠭᠡᠳᠡᠭ᠌ ᠠᠶᠠᠯᠭᠤ ᠶᠢᠨ ᠬᠠᠪᠰᠤᠷᠠᠯᠭ᠎ᠠ ᠳᠠᠭᠤᠨ ᠤ ᠥᠭᠡ ᠪᠣᠯᠤᠨ᠎ᠠ᠃ ᠳᠤᠷᠭᠤᠤᠠᠴᠤᠳ ᠳᠠᠭᠤᠤ ᠳᠠᠭᠤᠯᠠᠵᠤ ᠪᠦᠵᠢᠭ᠌ ᠪᠦᠵᠢᠭᠯᠡᠭᠡᠳ ᠨᠠᠢ᠌ᠷᠠᠯᠠᠬᠤ ᠦᠶ᠎ᠡ ᠳᠡᠭᠡᠨ᠂ ᠨᠠᠢ᠌ᠷ ᠲᠤ ᠣᠷᠤᠯᠴᠠᠭᠰᠠᠨ ᠭᠦᠮᠤᠨ ᠪᠦᠷᠢ ᠡᠷᠭᠡᠪᠰᠢ ᠳᠠᠭᠤᠯᠠᠵᠤ ᠪᠦᠵᠢᠭᠯᠡᠵᠤ ᠴᠢᠳᠠᠬᠤ ᠶᠢ ᠬᠠᠳᠠᠭᠤ ᠱᠠᠭᠠᠷᠳᠠᠵᠤ ᠢᠷᠡᠭ᠍ᠰᠡᠨ ᠣᠯᠠᠮᠵᠢᠯᠠᠯ ᠲᠡᠶ ᠪᠣᠯᠬᠤᠷ᠂ ᠳᠤᠷᠭᠤᠤᠠᠴᠤᠳ ᠡᠷᠳᠡ ᠣᠷᠢᠳᠠ ᠡᠴᠠ ᠪᠠᠨ ᠨᠠᠰᠢ ᠨᠠᠶᠠᠳᠠᠢ ᠭᠦᠭ᠍ᠰᠢᠨ ᠡᠴᠠ ᠨᠢ᠋ᠮᠠ ᠲᠡᠶ ᠪᠠᠭᠠᠴᠤᠳ ᠭᠦᠷᠳᠡᠯ᠎ᠡ ᠳᠠᠭᠤᠯᠠᠭᠠᠤᠨ ᠪᠦᠵᠢᠭᠯᠡᠵᠤ ᠣᠷᠴᠢᠯᠠᠩ ᠬᠤᠷᠸ᠎ᠠ ᠶᠢᠨ ᠪᠢᠰᠢᠷᠠᠯ ᠢ ᠣᠯᠵᠤ ᠢᠷᠡᠭ᠍ᠰᠡᠨ ᠳᠡᠦᠭᠡ ᠲᠡᠶ ᠶᠤᠮ᠃ ᠡᠨᠡ ᠳᠠᠭᠤᠨ ᠤᠨ ᠥᠭᠡ ᠶᠢᠨ ᠡᠭᠦᠰᠦᠯ ᠤᠨ ᠳᠤᠬᠠᠢ ᠭᠡᠪᠠᠯ ᠡᠢ᠌ᠮᠤ ᠨᠢᠭᠡᠨ ᠳᠤᠮᠤᠭ ᠪᠣᠢ ᠄ ᠡᠷᠳᠡ ᠣᠷᠢᠳᠤ ᠴᠠᠭ ᠲᠤ ᠭᠡᠨ᠎ᠡ᠃ ᠠᠳᠤᠭᠤᠴᠢᠨ ᠵᠠᠯᠠᠭᠤ ᠰᠠᠭᠠᠯᠢᠴᠢᠨ ᠦᠬᠢᠨ ᠬᠤᠶᠠᠷ ᠰᠡᠳᠭᠢᠯ ᠶᠢᠡᠨ ᠮᠠᠳᠠᠯᠴᠠᠵᠤ ᠢᠨᠠᠭ ᠠᠮᠠᠷᠠᠭ ᠪᠣᠯᠤᠯᠴᠠᠭᠰᠠᠨ ᠶᠤᠮ ᠭᠡᠨ᠎ᠡ᠃ ᠬᠤᠷᠢᠮᠯᠠᠭᠰᠠᠨ ᠤ ᠳᠠᠷᠠᠭ᠎ᠠ ᠳᠠᠳᠠ ᠨᠢᠭᠡ ᠣᠳᠠᠭ᠎ᠠ ᠣᠯᠠᠨ ᠭᠦᠮᠤᠨ ᠴᠤᠭᠯᠠᠷᠠᠭᠰᠠᠨ ᠭᠦᠯ ᠭᠦᠭ᠍ᠰᠡᠭᠡᠨ ᠲᠡᠶ ᠬᠤᠷᠢᠮ ᠳᠤ ᠵᠠᠶᠠᠭᠠᠳᠠᠢ ᠬᠤᠶᠠᠷ ᠴᠢᠨᠢ ᠳᠠᠯᠪᠢᠭᠠᠤᠨ ᠭᠦᠷᠴᠡᠢ᠃ ᠭᠡᠪᠡᠴᠤ ᠡᠷᠡᠭ᠍ᠳᠡᠢ ᠨᠢ ᠣᠯᠠᠨ ᠲᠡᠶ ᠠᠳᠠᠯᠢ ᠪᠣᠰᠴᠤ ᠪᠦᠵᠢᠭᠯᠡᠭ᠍ᠰᠡᠨ ᠦᠭᠡᠶ ᠪᠣᠯᠬᠤᠷ ᠡᠮᠡᠭ᠍ᠳᠡᠢ ᠶᠢᠨ ᠶᠢᠡᠨ ᠠᠭᠤᠷ ᠢ ᠭᠦᠷᠭᠡᠵᠡᠢ᠃ ᠳᠠᠷᠠ ᠰᠦᠨᠢ ᠨᠢ ᠡᠮᠡᠭ᠍ᠳᠡᠢ ᠨᠢ ᠡᠷᠡᠭ᠍ᠳᠡᠢ ᠪᠠᠨ ᠭᠡᠷ ᠲᠤ ᠣᠷᠤᠭᠤᠯᠤᠯ ᠦᠭᠡᠶ ᠡᠪᠦᠯ ᠤᠨ ᠭᠦᠢᠳᠡᠨ ᠳᠤ ᠭᠦᠭᠡᠭᠡᠵᠤ ᠭᠠᠳᠠᠨ᠎ᠠ ᠭᠠᠷᠭᠠᠭᠠᠤᠨ᠂ ᠡᠭᠦᠳᠡ ᠪᠠᠨ ᠳᠦᠳᠦᠭᠯᠡᠵᠤ ᠣᠷᠭᠢᠭᠠᠤᠨ᠂ ᠬᠤᠵᠢᠮ ᠳᠠᠭᠢᠭᠠᠤᠨ ᠬᠠᠷᠢᠭᠯᠠᠵᠤ ᠣᠯᠠᠨ ᠤ ᠡᠮᠦᠨ᠎ᠡ ᠭᠠᠷᠴᠤ ᠳᠠᠭᠤᠯᠠᠵᠤ ᠪᠦᠵᠢᠭᠯᠡᠭᠦ ᠦᠭᠡᠶ ᠪᠣᠯ ᠪᠠᠰᠠ ᠯᠠ ᠢᠩᠭᠢᠵᠤ ᠳᠠᠭᠠᠷᠠᠭᠤᠯᠠᠵᠤ ᠶᠠᠯᠠᠳᠠᠨ᠎ᠠ ᠭᠡᠵᠤ ᠬᠠᠳᠠᠭᠤ ᠠᠯᠪᠠ ᠳᠤᠯᠭᠠᠵᠠᠢ᠃ ᠡᠭᠦᠨ ᠤ ᠬᠠᠷᠢᠭᠤ ᠳᠤ ᠡᠷᠡᠭ᠍ᠳᠡᠢ ᠨᠢ ᠪᠣᠷᠤᠭᠤ ᠪᠠᠨ ᠮᠠᠳᠠᠵᠤ ᠭᠡᠮᠰᠢᠨ ᠣᠬᠠᠭᠠᠷᠵᠤ᠂ ᠡᠨᠡ ᠳᠠᠭᠤ ᠶᠢ ᠵᠤᠬᠢᠶᠠᠨ ᠳᠠᠭᠤᠯᠠᠵᠤ᠂ ᠡᠮᠡᠭ᠍ᠳᠡᠢ ᠪᠠᠨ ᠣᠶᠠᠷᠠᠭᠠᠵᠤ ᠭᠡᠷ ᠤᠨ ᠶᠢᠡᠨ ᠡᠭᠦᠳᠡ ᠶᠢ ᠳᠠᠢ᠌ᠯᠠᠭᠤᠯᠠᠨ ᠣᠷᠤᠭᠰᠠᠨ ᠭᠡᠨ᠎ᠡ᠃ ᠬᠤᠵᠢᠮ ᠤᠨ ᠭᠦᠮᠦᠰ ᠳᠠᠭᠤᠯᠠᠵᠤ ᠪᠦᠵᠢᠭᠯᠡᠭᠦ ᠡᠴᠡ ᠬᠠᠷᠢᠭᠰᠢᠶᠠᠬᠤ ᠵᠤᠷᠢᠭ ᠪᠠᠭ᠎ᠠ ᠲᠡᠶ ᠡᠮᠡᠭ᠍ᠳᠡᠢ᠌ᠴᠦᠳ ᠲᠤ ᠡᠨᠡ ᠳᠠᠭᠤᠤ ᠶᠢ ᠳᠠᠭᠤᠯᠠᠵᠤ ᠳᠠᠮ ᠶᠢᠡᠷ ᠳᠠᠭᠠᠷᠢᠭᠠᠤᠨ ᠬᠤᠤᠷ ᠢ ᠨᠢ ᠮᠠᠭᠠᠵᠢᠭᠠᠤᠨ ᠠᠯᠪᠠᠳᠠᠨ ᠪᠣᠰᠬᠠᠵᠤ ᠬᠠᠮᠳᠤ ᠳᠠᠭᠠᠨ ᠨᠠᠢ᠌ᠷᠯᠠᠵᠤ ᠨᠠᠭᠠᠳᠬᠤ ᠪᠠᠶᠠᠷ ᠴᠠᠩᠭᠡᠯ ᠤᠨ ᠳᠠᠭᠤᠤ ᠪᠣᠯᠭᠠᠭᠰᠠᠨ ᠪᠠᠢ᠌ᠨ᠎ᠠ᠃

    * ᠱᠨ ᠊᠊᠊᠊᠊᠊᠊᠊᠊᠊᠊᠊᠊᠊᠊ ᠳᠤᠭᠰᠢᠬᠤ ᠭᠡᠭᠦ ᠶᠢᠨ ᠠᠶᠠᠯᠭᠤ ᠥᠭᠡ᠃

    * ᠨᠢᠮᠭᠡᠳᠪᠡ ᠊᠊᠊᠊᠊᠊᠊᠊᠊᠊᠊᠊᠊᠊᠊ ᠨᠢᠮᠭᠡᠷᠴᠤ ᠪᠠᠢ᠌ᠨ᠎ᠠ ᠭᠡᠰᠡᠨ ᠥᠭᠡ᠃

    * ᠵᠤᠪᠴᠤ ᠊᠊᠊᠊᠊᠊᠊᠊᠊᠊᠊᠊᠊᠊᠊ ᠬᠠᠠᠴᠤ ᠵᠠᠬ᠎ᠠ ᠦᠭᠡᠶ ᠢᠯᠭᠢᠨ ᠠᠷᠠᠰᠤᠨ ᠳᠠᠪᠠᠯ᠂ ᠣᠷᠳᠤ ᠬᠤᠷᠮᠤᠢ ᠲᠡᠶ ᠬᠠᠠᠵᠢᠶᠠᠷᠢ ᠶᠤᠮ᠃ ᠳᠠᠢ᠌ᠨ ᠤ ᠦᠶ᠎ᠡ ᠳᠤ ᠵᠤᠵᠠᠭᠠᠨ ᠠᠷᠠᠰᠤ ᠪᠠᠷ ᠭᠢᠵᠤ ᠬᠤᠪᠴᠠᠰᠤᠨ ᠳᠡᠭᠡᠷ᠎ᠡ ᠪᠠᠨ ᠳᠠᠪᠬᠤᠷᠯᠠᠵᠤ ᠡᠮᠦᠰᠳᠡᠭ᠌ ᠪᠠᠢ᠌ᠵᠠᠢ᠃

    * ᠨᠡᠭᠡᠢ ᠊᠊᠊᠊᠊᠊᠊᠊᠊᠊᠊᠊᠊᠊᠊ ᠨᠤᠤᠰᠤ ᠶᠢ ᠨᠢ ᠵᠤᠯᠭᠠᠭᠠᠤᠨ ᠢᠳᠡᠭᠡᠯᠡᠭ᠍ᠰᠡᠨ ᠬᠤᠨᠢᠨ ᠢᠮᠠᠭᠠᠨ ᠤ ᠨᠢᠮᠭᠡᠨ ᠠᠷᠠᠰᠤᠨ᠃ ᠬᠠᠪᠣᠷ ᠵᠤᠨ ᠤ ᠬᠤᠪᠴᠠᠰᠤ ᠭᠢᠳᠡᠭ᠌᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2129
ᠴᠠᠭ᠄ 2011 ᠤᠨ ᠤ 01 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁