ᠭᠦᠨ ᠳᠤᠩᠭ᠋ᠠᠯᠠᠭ ᠨᠤᠳᠤᠭ

ᠠᠭᠤᠯᠠ ᠶᠢᠨ ᠭᠦᠨ ᠳ᠋ᠤᠨᠢ ᠭᠦᠷᠦᠶᠤ ᠭᠡᠯ᠎ᠡ

ᠣᠷᠭᠤᠮᠠᠯ ᠴᠢᠯᠠᠭᠤᠨ ᠳᠤ ᠪᠠᠨ ᠬᠤᠷᠭᠤᠳᠠᠭᠰᠠᠨ

ᠣᠨᠢᠶᠠᠷ ᠤᠨ ᠭᠦᠭᠡ ᠠᠶᠠᠯᠭᠤ ᠨᠢ

ᠦᠷᠭᠦᠴᠢᠭᠡᠭᠦ ᠡᠴᠡ ᠨᠢ ᠪᠣᠯᠭᠤᠮᠵᠢᠯᠠᠵᠤ

ᠬᠠᠪᠢᠳᠠᠵᠤ ᠴᠢᠳᠠᠭ᠎ᠠ ᠡᠦᠭᠡᠢ

ᠪᠠᠷ᠎ᠠ ᠶᠢ ᠨᠢ ᠬᠠᠷᠠᠰᠭᠢᠨ ᠪᠣᠴᠠᠯ᠎ᠠ


ᠣᠰᠤᠨ ᠤ ᠭᠦᠨ ᠳ᠋ᠤᠨᠢ ᠭᠦᠷᠦᠶᠤ ᠭᠡᠯ᠎ᠡ

ᠣᠰᠬᠠᠯ ᠳᠤᠩᠭ᠋ᠠᠯᠠᠭ ᠤᠨ ᠡᠭᠢ ᠪᠣᠯᠤᠭᠰᠠᠨ

ᠣᠠᠳᠤᠷᠤᠮᠠᠯ ᠪᠣᠯᠠᠭ ᠤᠨ ᠨᠢᠳᠤ ᠨᠢ

ᠰᠤᠬᠤᠷᠠᠴᠢᠬᠠᠬᠤ ᠡᠴᠡ ᠨᠢ ᠪᠣᠯᠭᠤᠮᠵᠢᠯᠠᠵᠤ

ᠤᠢ᠌ᠷᠠᠳᠤᠵᠤ ᠴᠢᠳᠠᠭ᠎ᠠ ᠡᠦᠭᠡᠢ

ᠣᠷᠤᠰᠬᠠᠯ ᠢ ᠨᠢ ᠴᠢᠩᠨᠠᠰᠭᠢᠨ ᠪᠣᠴᠠᠯ᠎ᠠ


ᠲ᠋ᠠᠯ᠎ᠠ ᠶᠢᠨ ᠭᠦᠨ ᠳ᠋ᠤᠨᠢ ᠭᠦᠷᠦᠶᠤ

ᠳᠡᠷᠭᠡᠨ ᠤ ᠳᠠᠭᠤ ᠰᠤᠨᠤᠰᠤᠭ᠎ᠠ ᠡᠦᠭᠡᠢ

ᠳᠠᠢ᠌ᠪᠣᠩ ᠪᠠᠯᠴᠢᠭᠦ ᠠᠳᠤᠭᠤᠳ ᠨᠢ

ᠳᠠᠰᠤᠷᠠᠴᠢᠬᠠᠬᠤ ᠡᠴᠡ ᠨᠢ ᠪᠣᠯᠭᠤᠮᠵᠢᠯᠠᠵᠤ

ᠬᠠᠪᠢᠳᠠᠵᠤ ᠴᠢᠳᠠᠭ᠎ᠠ ᠡᠦᠭᠡᠢ

ᠬᠤᠯᠠ ᠡᠴᠡ ᠵᠢᠷᠤᠭᠯᠠᠵᠤ ᠪᠣᠴᠠᠯ᠎ᠠ


ᠰᠡᠳᠭᠢᠯ ᠤᠨ ᠭᠦᠨ ᠳ᠋ᠤᠨᠢ ᠭᠦᠷᠦᠶᠤ ᠭᠡᠯ᠎ᠡ

ᠰᠠᠪ ᠰᠠᠭᠤᠭ᠎ᠠ ᠡᠦᠭᠡᠢ ᠠᠮᠢᠳᠤᠷᠠᠯ ᠳ᠋ᠤᠨᠢ

ᠵᠢᠪᠠ ᠰᠠᠭᠤᠯᠭᠠᠴᠢᠬᠠᠬᠤ ᠡᠴᠡ ᠡᠮᠢᠶᠡᠨ

ᠦᠪᠡᠷ ᠡᠴᠡ ᠪᠠᠨ ᠪᠢ ᠪᠣᠯᠭᠤᠮᠵᠢᠯᠠᠵᠤ

ᠤᠢ᠌ᠷᠠᠳᠤᠵᠤ ᠴᠢᠳᠠᠭ᠎ᠠ ᠡᠦᠭᠡᠢ

ᠪᠣᠳᠤᠯ ᠶᠢᠡᠨ ᠠᠷᠢᠭᠤᠰᠬᠠᠵᠤ ᠪᠣᠴᠠᠯ᠎ᠠ

ᠵᠤᠬᠢᠶᠠᠭᠴᠢ᠄ ᠳ·ᠳᠦᠮᠡᠡᠰᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2014 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ