ᠴᠠᠭ ᠤᠨ ᠬᠤᠷ᠎ᠠ

     ᠦᠷ ᠤᠨ ᠭᠡᠭᠡ ᠦᠨᠢᠶ᠎ᠡ ᠳᠤᠭᠤᠯ ᠤᠨ ᠮᠥᠭᠡᠷᠡᠭᠦ ᠳᠠᠭᠤᠨ ᠶᠢᠡᠷ ᠰᠡᠷᠢᠭ᠍ᠰᠡᠨ ᠨᠤᠷᠮ᠎ᠠ ᠨᠠᠰᠤᠳᠠᠨ ᠭᠦᠷᠮ᠎ᠡ ᠪᠠᠨ ᠨᠦᠮᠦᠷᠢᠨ ᠭᠠᠷᠬᠤ ᠳᠤ ᠭᠦᠤ ᠪᠠᠷᠢᠴᠡᠴᠡᠭ᠌ ᠨᠢ ᠳᠤᠭᠤᠯ ᠤᠨ ᠬᠠᠰᠢᠶᠠᠨ ᠳᠡᠷᠭᠡᠳᠡ ᠪᠠᠨ ᠦᠨᠢᠶ᠎ᠡ ᠳᠤᠭᠤᠯ ᠶᠢᠡᠨ ᠳᠠᠳᠠᠵᠤ ᠶᠠᠭᠠᠷᠠᠨ᠎ᠠ᠃ ᠡᠭᠡ ᠪᠠᠨ ᠣᠯᠵᠤ ᠬᠠᠷᠠᠭᠰᠠᠨ ᠳᠤᠭᠤᠯ ᠤᠳ ᠤᠨ ᠮᠥᠭᠡᠷᠡᠭᠦ ᠳᠠᠭᠤᠨ ᠨᠢ ᠣᠯᠠᠮ ᠴᠢᠩᠭ᠋ᠠᠷᠠᠵᠤ ᠵᠠᠪᠠᠳᠤ ᠶᠢᠨ ᠵᠢᠯᠠᠭ᠎ᠠ ᠶᠢᠨ ᠦᠷᠯᠦᠭᠡ ᠶᠢᠨ ᠨᠠᠮ ᠵᠢᠮ ᠢ ᠡᠪᠳᠡᠵᠤ᠂ ᠮᠠᠯᠴᠢᠳ ᠤᠨ ᠪᠠᠰᠠ ᠨᠢᠭᠡᠨ ᠶᠠᠭᠠᠷᠠᠯᠳᠠᠢ ᠡᠳᠦᠷ ᠡᠭᠢᠯᠡᠭ᠍ᠰᠡᠨ ᠢ ᠮᠡᠳᠡᠭᠡᠯᠡᠨ᠎ᠡ᠃

     ᠨᠤᠷᠮ᠎ᠠ ᠨᠠᠰᠤᠳᠠᠨ ᠦᠷᠯᠦᠭᠡ ᠶᠢᠨ ᠴᠠᠪᠠᠷ ᠠᠭᠠᠷ ᠢ ᠭᠦᠨ ᠨᠢᠭᠡ ᠠᠮᠢᠰᠬᠤᠵᠤ ᠠᠪᠣᠭᠰᠠᠨ ᠶᠢᠡᠨ ᠣᠷᠴᠢᠨ ᠳᠤᠭᠤᠷᠢᠨ ᠶᠢᠡᠨ ᠬᠤᠯᠠ ᠡᠴᠠ ᠤᠢ᠌ᠷ᠎ᠡ ᠠᠩᠵᠠᠭᠠᠷᠠᠬᠤ ᠳᠤ ᠭᠢᠨᠠᠭᠤᠷ ᠨᠢᠳᠤᠨ ᠳ᠋ᠤᠨᠢ ᠳᠡᠷᠳᠡᠭᠡ ᠵᠡᠭᠦᠨ ᠡᠮᠦᠨ᠎ᠡ ᠰᠥᠭᠯᠡᠢ᠌ᠭᠦ ᠵᠠᠪᠠᠳᠤ ᠶᠢᠨ ᠭᠦᠭᠡ ᠬᠠᠳᠠ᠂ ᠳᠡᠷᠭᠡᠳᠡᠭᠢ ᠶᠢᠨ ᠠᠭᠤᠯᠠ ᠳᠤᠯᠤᠭᠠᠤᠨ ᠲᠤ ᠳᠠᠪᠠᠳᠠᠢ ᠪᠠᠯᠴᠢᠨ ᠪᠠᠢ᠌ᠭ᠎ᠠ ᠥᠭᠡᠷ ᠤᠳ᠂ ᠨᠠᠭᠠᠳᠤᠭᠢ ᠵᠢᠯᠠᠭ᠎ᠠ ᠪᠠᠷ ᠳᠤᠭᠤᠯ ᠳᠤ ᠪᠠᠨ ᠶᠠᠭᠠᠷᠠᠨ ᠨᠢᠭᠡ ᠬᠤᠶᠠᠷ ᠶᠢᠡᠷ ᠮᠥᠭᠡᠷᠡᠨ ᠴᠤᠪᠣᠬᠤ ᠦᠨᠢᠶᠠᠤᠨ ᠮᠤᠭᠢᠷᠠᠯᠳᠤᠨ᠂ ᠨᠠᠮᠵᠢᠭᠤᠨ ᠣᠷᠤᠰᠬᠤ ᠨᠠᠷᠢᠨ ᠭᠤᠷᠤᠬ᠎ᠠ ᠪᠣᠯᠤᠨ ᠬᠠᠵᠠᠭᠤᠳᠤᠭᠢ ᠮᠠᠰᠢᠨ ᠬᠤᠳᠳᠤᠭ ᠵᠢᠴᠢ ᠬᠤᠳᠠ ᠶᠢᠨ ᠭᠠᠳᠠᠨ᠎ᠠ ᠢᠷᠠᠢ᠌ᠨ ᠬᠤᠨᠤᠭᠰᠠᠨ ᠬᠤᠨᠢᠨ ᠰᠦᠷᠦᠭ᠌ ᠨᠢᠭᠡ ᠨᠢᠭᠡ ᠪᠠᠷ ᠳᠤᠳᠤᠷᠠᠵᠤ᠂ ᠬᠠᠴᠠᠷ ᠲᠤ ᠨᠢ ᠪᠠᠶᠠᠷ ᠤᠨ ᠮᠦᠰᠢᠶᠠᠳᠤ ᠢᠯᠡᠷᠡᠭ᠍ᠰᠡᠨ ᠶᠢᠡᠨ ᠨᠢᠳᠤᠨ ᠬᠠᠷᠠᠭ᠎ᠠ ᠨᠢ ᠳᠠᠭᠢᠨ ᠳᠤᠭᠤᠯ ᠤᠨ ᠵᠠᠯ᠎ᠠ ᠳᠡᠭᠡᠷ᠎ᠡ ᠪᠠᠨ ᠳᠤᠰᠴᠤ᠂ ᠪᠠᠭ᠎ᠠ ᠴᠤ ᠭᠡᠰᠡᠨ ᠳᠤᠰᠠ ᠪᠣᠯᠤᠶ᠎ᠠ ᠭᠡᠰᠡᠨ ᠪᠣᠳᠤᠯ ᠶᠢᠡᠷ ᠭᠦᠤ ᠪᠠᠷᠢ ᠥᠭᠡᠳᠡ ᠪᠠᠨ ᠮᠠᠢ᠌ᠵᠢᠭᠢᠨᠠᠨ᠎ᠡ᠃

     ᠴᠡᠴᠡᠭ᠌ ᠢᠷᠡᠭ᠍ᠰᠡᠨ ᠦᠨᠢᠶᠠᠤᠨ ᠶᠢᠡᠨ ᠳᠠᠳᠠᠵᠤ ᠪᠠᠷᠠᠭᠠᠤᠨ ᠭᠡᠷ ᠲᠤ ᠪᠠᠨ ᠣᠷᠤᠵᠤ ᠢᠷᠠᠨ ᠨᠥᠭᠦᠷ ᠪᠠᠭᠠᠳᠤᠷ ᠶᠢᠡᠨ ᠰᠡᠷᠢᠭᠡᠵᠤ᠂ ᠦᠷᠯᠦᠭᠡ ᠶᠢᠨ ᠴᠠᠢ ᠪᠠᠨ ᠴᠢᠨᠠᠵᠤ ᠮᠤᠩᠭ᠋ᠠᠨᠢᠨ᠎ᠠ᠃ ᠪᠠᠭᠠᠳᠤᠷ ᠬᠤᠪᠴᠠᠰᠤ ᠪᠠᠨ ᠬᠤᠷᠳᠤᠯᠠᠨ ᠡᠮᠦᠰᠴᠤ ᠭᠠᠳᠠᠨ᠎ᠠ ᠭᠠᠷᠴᠤ ᠡᠷᠦᠭᠡ ᠪᠠᠨ ᠳᠠᠳᠠᠬᠤ ᠶᠢᠨ ᠳᠠᠭᠤ᠄

     《ᠡᠨᠡ ᠡᠳᠦᠷ ᠪᠠᠰᠠ ᠴᠤ ᠰᠢᠳᠠᠮ᠎ᠠ ᠬᠠᠯᠠᠭᠤᠨ ᠪᠣᠯᠬᠤ ᠨᠢ᠂ ᠬᠤᠨᠢ ᠪᠠᠨ ᠦᠷᠯᠦᠭᠡ ᠶᠢᠨ ᠰᠡᠷᠢᠭᠦᠨ ᠳᠤ ᠡᠷᠳᠡᠭᠡᠨ ᠭᠠᠷᠭᠠᠵᠤ ᠠᠮᠵᠢᠶ᠎ᠠ》 ᠭᠡᠭᠦ ᠳᠤ ᠨᠢ ᠴᠠᠢ ᠴᠢᠨᠠᠵᠤ ᠪᠠᠢ᠌ᠭᠰᠠᠨ ᠴᠡᠴᠡᠭ᠌᠄

     《ᠳᠡᠭᠡᠭᠡᠳ ᠴᠢ ᠡᠷᠳᠡᠭᠡᠨ ᠪᠣᠰᠬᠤ ᠦᠭᠡᠶ᠂ ᠦᠳᠡ ᠪᠣᠯᠳᠠᠯ᠎ᠠ ᠣᠠᠳᠠᠭᠠᠤᠨ ᠦᠶᠡᠷ ᠪᠣᠯᠳᠠᠯ᠎ᠠ ᠰᠢᠭᠡᠭᠡᠭᠦ ᠨᠢ ᠡ︕》 ᠭᠡᠵᠤ ᠨᠥᠭᠦᠷ ᠶᠢᠡᠨ ᠱᠤᠤᠯᠠᠬᠤ ᠮᠠᠶ‍ᠢᠭᠳᠠᠢ ᠶᠠᠷᠢᠬᠤ ᠳᠤ ᠨᠢ ᠪᠠᠭᠠᠳᠤᠷ ᠴᠤ ᠮᠥᠴᠡᠭᠡ ᠪᠠᠨ ᠦᠭ‍ᠭᠦᠯ ᠦᠭᠡᠶ᠄

     《ᠪᠢ ᠳᠠᠷᠠ ᠴᠢᠨᠢ ᠰᠢᠭᠦᠳᠡᠷᠢ ᠬᠠᠳᠠᠬᠤ ᠶᠢ ᠭᠦᠯᠢᠶᠡᠵᠤ ᠪᠠᠢ᠌ᠭᠰᠠᠨ᠂ ᠦᠴᠦᠭᠡᠳᠦᠷ ᠰᠦᠨᠢ ᠰᠢᠭᠦᠳᠡᠷᠢ ᠶᠡᠭᠡ ᠣᠨᠠᠭᠰᠠᠨ᠂ ᠭᠡᠷᠪᠡ ᠡᠳᠦᠷ ᠡᠳᠦᠷ ᠰᠢᠭᠦᠳᠡᠷᠢ ᠬᠠᠳᠠᠬᠤ ᠡᠴᠠ ᠡᠮᠦᠨ᠎ᠡ ᠭᠠᠷᠬᠤ ᠶᠤᠮ ᠪᠣᠯ ᠬᠤᠨᠢᠳ ᠤᠨ ᠬᠤᠭᠢᠰᠤ ᠨᠢ ᠪᠦᠷ ᠣᠨᠠᠵᠤ ᠮᠠᠳᠠᠨ᠎ᠠ᠃ ᠳᠡᠭᠡᠪᠠᠯ ᠴᠤ ᠳᠤᠩ ᠮᠠᠭᠤ ᠪᠣᠯᠤᠨ᠎ᠠ ᠳ᠋ᠠ︕》 ᠭᠡᠵᠤ ᠢᠨᠢᠶᠠᠨ ᠭᠡᠯᠡᠵᠤ ᠭᠡᠪᠳᠡᠷᠢ ᠳ᠋ᠠᠭᠢ ᠬᠤᠨᠢᠳ ᠶᠢᠡᠨ ᠪᠠᠯᠴᠢᠭᠡᠷ ᠥᠭᠡᠳᠡ ᠨᠢ ᠭᠦᠭᠡᠭᠡᠭᠦ ᠪᠠᠷ ᠠᠯᠬᠤᠯᠠᠨ᠎ᠠ᠃

     ᠪᠠᠭᠠᠳᠤᠷ ᠴᠠᠢ ᠪᠠᠨ ᠣᠤᠭᠤᠵᠤ᠂ ᠬᠠᠭᠤᠷᠤᠭᠰᠠᠨ ᠠᠮᠤ ᠪᠠᠨ ᠢᠳᠠᠵᠤ ᠪᠠᠷᠠᠭᠰᠠᠨ ᠤ ᠳᠠᠷᠠᠭ᠎ᠠ ᠣᠶᠠᠭᠠᠨ ᠮᠤᠷᠢᠨ ᠳᠤ ᠪᠠᠨ ᠡᠮᠡᠭᠡᠯ ᠳᠤᠬᠤᠵᠤ᠂ ᠪᠠᠯᠴᠢᠭᠡᠷ ᠲᠤ ᠪᠠᠨ ᠭᠠᠷᠤᠭᠰᠠᠨ ᠬᠤᠨᠢᠨ ᠰᠦᠷᠦᠭ᠌ ᠵᠥᠭ᠌ ᠶᠢᠡᠨ ᠳᠠᠪᠭᠢᠭᠤᠯᠤᠯ᠎ᠠ᠃ ᠳᠤᠭᠤᠯ ᠤᠨ ᠬᠠᠰᠢᠶᠠᠨ ᠳᠤ ᠭᠠᠭᠴᠠ ᠳᠤᠭᠤᠯ ᠦᠯᠠᠳᠠᠵᠤ᠂ ᠡᠭᠡ ᠪᠠᠨ ᠥᠭᠡᠢ᠌ᠯᠡᠨ ᠠᠯᠤᠰ ᠤᠨ ᠠᠭᠤᠯᠠᠰ ᠢ ᠰᠢᠷᠳᠠᠨ ᠮᠥᠭᠡᠷᠡᠨ᠎ᠡ᠃ ᠭᠡᠷ ᠳᠡᠷᠭᠡ ᠪᠠᠨ ᠭᠢᠯᠠᠪ ᠴᠢᠯᠠᠪ ᠴᠡᠪᠠᠷᠯᠡᠭ᠍ᠰᠡᠨ ᠴᠡᠴᠡᠭ᠌ ᠣᠷᠤᠨ ᠭᠠᠷᠤᠨ ᠠᠯᠤᠰ ᠢ ᠪᠠᠷᠠᠯᠠᠵᠤ᠄

       《ᠡᠨᠡ ᠮᠠᠭᠤ ᠵᠥᠨᠦᠭ᠍ᠰᠡᠨ ᠮᠠᠯ ᠢ ᠵᠥᠭᠡᠷ᠂ ᠣᠳᠤ ᠪᠣᠯᠳᠠᠯ᠎ᠠ ᠢᠷᠡᠭᠦ ᠦᠭᠡᠶ ᠳᠤᠭᠤᠯ ᠶᠢᠡᠨ ᠮᠠᠷᠳᠠᠴᠢᠬᠠᠭᠰᠠᠨ ᠶᠤᠮ ᠦᠦ᠂ ᠡᠰᠡᠭᠦᠯ᠎ᠡ ᠵᠡᠭᠦᠡᠰᠢ ᠳᠠᠪᠠᠭᠠᠤᠨ ᠬᠤᠷᠢᠭᠳᠠᠴᠢᠬᠠᠭᠰᠠᠨ ᠴᠤ ᠶᠤᠮ ᠦᠦ︖ ᠪᠣᠤ ᠮᠠᠳᠠ᠃》 ᠭᠡᠵᠤ ᠰᠠᠨᠠᠭ᠎ᠠ ᠠᠯᠭᠠᠰᠠᠨ ᠭᠡᠯᠡᠭᠦ ᠳᠤ ᠷᠠᠳᠢᠤ᠋ ᠳᠠᠪᠠᠷᠢᠨ 《ᠦᠪᠣᠷ ᠮᠤᠩᠭ᠋ᠤᠯ ᠤᠨ ᠮᠤᠩᠭ᠋ᠤᠯ ᠣᠳᠤᠨ ᠰᠤᠪᠠᠭ》 ᠊ᠢ ᠰᠤᠨᠤᠰᠴᠤ ᠰᠠᠭᠤᠭᠰᠠᠨ ᠨᠤᠷᠮ᠎ᠠ ᠨᠠᠰᠤᠳᠠᠨ᠄

       《ᠭᠡᠦᠭᠡ ᠡ︕ ᠶᠠᠭᠠᠷᠠᠬᠤ ᠭᠡᠷᠡᠭ᠌ ᠦᠭᠡᠶ᠂ ᠵᠥᠭᠡᠷ᠃ ᠵᠡᠭᠦᠨ ᠠᠭᠤᠯᠠᠨ ᠳᠤ ᠬᠤᠶᠠᠷ ᠭᠠᠴᠠᠭᠠᠨ ᠤ ᠵᠠᠭᠠᠭ ᠲᠤ ᠳᠠᠮᠤᠷ ᠳᠤᠤᠷ ᠳᠠᠳᠠᠭᠰᠠᠨ ᠡᠴᠠ ᠮᠠᠯ ᠤᠳ ᠵᠡᠭᠦᠡᠰᠢ ᠳᠠᠪᠠᠵᠤ ᠴᠢᠳᠠᠬᠤ ᠪᠠᠨ ᠪᠣᠯᠢᠭᠰᠠᠨ᠃ ᠡᠨᠡ ᠨᠢ ᠮᠠᠨ ᠳᠤ ᠪᠠᠨ ᠠᠬᠤᠤ ᠳᠤᠰᠠ ᠪᠣᠯᠤᠭᠰᠠᠨ ᠰᠢᠤ᠃ ᠪᠠᠷᠤᠭ ᠯᠠ ᠦᠷᠯᠦᠭᠡ ᠶᠢᠨ ᠰᠡᠷᠢᠭᠦᠨ ᠳᠤ ᠢᠯᠡᠭᠦᠭᠡᠨ ᠢᠳᠡᠭᠦ ᠭᠡᠳ ᠬᠠᠷᠢᠵᠤ ᠢᠷᠡᠭᠡ ᠦᠭᠡᠶ ᠪᠠᠢ᠌ᠬᠤ ᠪᠣᠢ᠃》 ᠭᠡᠵᠤ ᠳᠠᠢ᠌ᠪᠣᠭᠤᠬᠠᠨ ᠥᠭᠦᠯᠡᠨ᠎ᠡ᠃

     ᠨᠢᠳᠤᠨᠤᠨ ᠵᠢᠯ ᠵᠡᠭᠦᠨ ᠠᠭᠤᠯᠠᠨ ᠳᠤ ᠳᠠᠮᠤᠷ ᠳᠤᠤᠷ ᠳᠳᠠᠬᠤ ᠡᠴᠠ ᠡᠮᠤᠨ᠎ᠡ ᠪᠠᠭᠠᠳᠤᠷ ᠤᠨ ᠭᠢᠨ ᠤ ᠮᠠᠯ ᠤᠳ ᠦᠷᠭᠦᠯᠵᠢ ᠰᠦᠨᠢ ᠪᠠᠷ ᠵᠡᠭᠦᠡᠰᠢ ᠳᠠᠪᠠᠨ ᠣᠷᠤᠵᠤ ᠵᠡᠭᠦᠨ ᠭᠠᠴᠠᠭᠠᠨ ᠳᠤ ᠭᠠᠵᠠᠷ ᠳᠦᠷᠢᠶᠠᠰᠤᠯᠠᠵᠤ ᠰᠠᠭᠤᠭᠰᠠᠨ ᠭᠡᠳᠤᠨ ᠭᠢᠳᠠᠤᠨ ᠢᠷᠭᠡᠨ ᠳᠤ ᠬᠤᠷᠢᠭᠳᠠᠵᠤ 《ᠮᠠᠯ ᠴᠢᠨᠢ ᠮᠠᠨ ᠤ ᠪᠠᠯᠴᠢᠭᠡᠷ ᠲᠤ ᠣᠷᠤᠭᠰᠠᠨ》 ᠭᠡᠭᠦ ᠨᠠᠷ᠎ᠠ ᠶᠢᠡᠷ ᠵᠤᠭᠤᠰ ᠭᠢᠬᠠᠭᠳᠠᠳᠠᠭ ᠶᠤᠮ᠃ ᠭᠡᠷᠪᠡ ᠮᠠᠯ ᠶᠢᠡᠨ ᠵᠡᠭᠦᠡᠰᠢ ᠣᠷᠤᠭᠤᠯᠬᠤ ᠦᠭᠡᠶ ᠭᠡᠪᠠᠯ ᠡᠷᠭᠡᠪᠰᠢ ᠪᠦᠷᠦᠢ ᠪᠣᠯᠬᠤ ᠡᠴᠠ ᠡᠮᠤᠨ᠎ᠡ ᠨᠢᠭᠡ ᠣᠳᠠᠭ᠎ᠠ ᠬᠤᠷᠢᠶᠠᠵᠤ᠂ ᠳᠠᠷᠠᠭ᠎ᠠ ᠦᠷᠯᠦᠭᠡ ᠶᠢᠨ ᠭᠢᠨᠢ ᠦᠷ ᠴᠠᠢ᠌ᠬᠤ ᠡᠴᠠ ᠡᠮᠤᠨ᠎ᠡ ᠣᠴᠢᠵᠤ ᠪᠠᠰᠠ ᠨᠢᠭᠡ ᠣᠳᠠᠭ᠎ᠠ ᠬᠤᠷᠢᠶᠠᠳᠠᠭ ᠪᠠᠢ᠌ᠨ᠎ᠠ᠃ ᠢᠩᠭᠢᠭᠦ ᠨᠢ ᠶᠡᠭᠡᠭᠡᠨ ᠶᠠᠷᠰᠢᠭ ᠲᠡᠶ ᠪᠠᠢ᠌ᠳᠠᠭ᠃ ᠭᠡᠪᠠᠴᠤ ᠨᠢᠳᠤᠨᠤᠨ ᠵᠢᠯ ᠡᠳᠡᠨ ᠤ ᠭᠠᠴᠠᠭᠠᠨ ᠳᠤ ᠣᠯᠤᠰ ᠤᠨ ᠡᠪᠠᠰᠤ ᠪᠠᠯᠴᠢᠭᠡᠷ ᠢ ᠰᠡᠷᠭᠦᠭᠡᠭᠦ ᠳᠠᠮᠤᠷ ᠳᠤᠤᠷ ᠤᠨ ᠲᠦᠰᠤᠯ ᠢᠷᠠᠵᠤ᠂ ᠡᠳᠡᠨ ᠤ ᠭᠢᠨ ᠳᠤᠰ ᠲᠦᠰᠤᠯ ᠢ ᠣᠯᠵᠤ ᠵᠡᠭᠦᠨ ᠠᠭᠤᠯᠠᠨ ᠳᠡᠭᠡᠭᠦᠷ ᠳᠤᠤᠷ ᠳᠠᠳᠠᠭᠰᠠᠨ ᠡᠴᠠ ᠳᠠᠭᠢᠵᠤ ᠮᠠᠯ ᠬᠤᠷᠢᠭᠳᠠᠵᠤ ᠵᠤᠭᠤᠰ ᠭᠢᠬᠠᠭᠳᠠᠬᠤ ᠵᠤᠪᠠᠯᠠᠩ ᠡᠴᠠ ᠮᠤᠯᠳᠤᠷᠠᠵᠤ᠂ ᠨᠢᠭᠡ ᠭᠡᠷ ᠶᠢᠡᠷ ᠶᠢᠡᠨ ᠮᠠᠩᠨᠠᠢ ᠳᠠᠨᠠᠢ᠌ᠪᠠ᠃

     ᠦᠳᠡ ᠪᠣᠯᠬᠤ ᠡᠴᠠ ᠡᠮᠤᠨ᠎ᠡ ᠠᠭᠤᠯᠠᠨ ᠳᠤ ᠪᠠᠯᠴᠢᠵᠤ ᠪᠠᠢ᠌ᠭᠰᠠᠨ ᠮᠠᠯ ᠤᠳ ᠵᠤᠨ ᠤ ᠭᠠᠯ ᠨᠠᠷᠠᠨ ᠤ ᠳᠦᠭᠡᠨᠡᠭᠦ ᠶᠢ ᠳᠠᠰᠴᠤ ᠳᠠᠢ᠌ᠯᠤᠯ ᠦᠭᠡᠶ ᠬᠣᠢ᠌ᠨ᠎ᠠ ᠬᠣᠢ᠌ᠨ᠎ᠠ ᠡᠴᠠ ᠪᠠᠨ ᠴᠤᠪᠣᠵᠤ ᠣᠰᠤᠨ ᠳᠤ ᠪᠠᠭᠤᠵᠤ ᠢᠷᠠᠨ᠂ ᠨᠢᠭᠡ ᠪᠦᠯᠦᠭ᠌ ᠨᠢ ᠨᠠᠷᠢᠨ ᠭᠤᠷᠤᠬ᠎ᠠ ᠶᠢᠨ ᠭᠦᠪᠠᠭᠡ ᠶᠢ ᠲᠠᠭᠠᠨ ᠬᠤᠶᠠᠷ ᠳᠠᠢ᠌ᠰᠢ ᠪᠠᠨ ᠣᠰᠤᠨ ᠤ ᠳᠤᠩᠭ᠋ᠠᠯᠭ ᠢ ᠡᠷᠢᠨ ᠴᠤᠪᠣᠵᠤ᠂ ᠨᠢᠭᠡ ᠪᠦᠯᠦᠭ᠌ ᠨᠢ ᠭᠤᠷᠤᠬ᠎ᠠ ᠶᠢᠨ ᠣᠰᠤᠨ ᠳᠤ ᠰᠡᠭᠦᠯ ᠭᠤᠳᠤᠭᠰᠢᠭᠤᠯᠤᠨ ᠵᠤᠭᠰᠤᠨ᠎ᠠ᠃ ᠵᠠᠪᠠᠳᠤ ᠶᠢᠨ ᠵᠢᠯᠠᠭ᠎ᠠ ᠶᠢᠨ ᠡᠨᠡ ᠨᠠᠷᠢᠨ ᠭᠤᠷᠤᠬ᠎ᠠ ᠶᠢ ᠭᠡᠯᠡᠭᠦ ᠳᠤ ᠥᠨᠡᠭᠡᠷ ᠬᠠᠴᠢᠨ ᠪᠠᠢ᠌ᠳᠠᠭ ᠶᠤᠮ᠃ ᠡᠨᠡ ᠨᠤᠳᠤᠭ ᠭᠡᠳᠦᠢ ᠶᠡᠭᠡ ᠭᠠᠩᠳᠠᠭᠰᠠᠨ ᠴᠤ ᠨᠠᠷᠢᠨ ᠭᠤᠷᠤᠬ᠎ᠠ ᠶᠠᠷᠤ ᠨᠢ ᠬᠠᠳᠠᠵᠤ ᠰᠢᠷᠭᠢᠨ ᠣᠷᠤᠰᠬᠠᠯ ᠳᠠᠰᠤᠷᠠᠳᠠᠭ ᠦᠭᠡᠶ᠂ ᠣᠷᠤᠰᠬᠤ ᠪᠠᠷ ᠶᠢᠡᠨ ᠣᠷᠤᠰᠴᠤ ᠯᠠ ᠪᠠᠢ᠌ᠳᠠᠭ᠃ ᠬᠠᠷᠢᠨ ᠪᠣᠷᠤᠭᠠᠨ ᠠᠷᠪᠢᠳᠴᠤ ᠦᠶᠡᠷᠯᠠᠪᠠᠯ ᠨᠠᠷᠢᠨ ᠭᠤᠷᠤᠬ᠎ᠠ ᠭᠡᠳᠤᠨ ᠡᠳᠦᠷ ᠶᠢᠡᠷ ᠣᠷᠤᠰᠬᠠᠯ ᠳᠠᠰᠤᠷᠠᠵᠤ᠂ ᠪᠠᠭᠠᠳᠤᠷ ᠤᠨ ᠭᠢᠨ ᠬᠤᠨᠢ ᠮᠠᠯ ᠶᠢᠡᠨ ᠣᠰᠤᠯᠠᠬᠤ ᠭᠠᠵᠠᠷ ᠦᠭᠡᠶ ᠭᠠᠴᠢᠭᠳᠠᠳᠠᠭ ᠪᠠᠢ᠌ᠨ᠎ᠠ᠃ ᠮᠠᠯ ᠴᠤᠪᠤᠨ ᠪᠠᠭᠤᠵᠤ ᠢᠷᠡᠭᠦ ᠪᠠᠷ ᠨᠢᠭᠡᠨᠲᠡ ᠳᠤᠭ᠎ᠠ ᠶᠢ ᠨᠢ ᠪᠦᠷᠢᠳᠭᠡᠵᠤ ᠠᠮᠵᠢᠭᠰᠠᠨ ᠴᠡᠴᠡᠭ᠌ ᠭᠡᠷ ᠤᠨ ᠶᠢᠡᠨ ᠭᠠᠳᠠᠨ᠎ᠠ ᠳᠤᠭᠤᠭ᠎ᠠ ᠰᠢᠨᠠᠭ᠎ᠠ ᠳᠠᠷᠴᠢᠭᠢᠨᠠᠭᠤᠯᠤᠨ ᠬᠤᠷᠤᠳ ᠭᠢᠵᠤ ᠮᠤᠩᠭ᠋ᠠᠨᠢᠨ᠎ᠠ᠃ ᠡᠨᠡ ᠦᠶ᠎ᠡ ᠳᠤ ᠪᠠᠭᠠᠳᠤᠷ ᠴᠤ ᠬᠤᠨᠢ ᠪᠠᠨ ᠵᠡᠭᠦᠨ ᠠᠭᠤᠯᠠᠨ ᠳᠤ ᠬᠠᠶᠠᠭᠠᠤᠨ ᠮᠤᠷᠢ ᠬᠠᠳᠠᠷᠢᠭᠤᠯᠤᠨ ᠭᠡᠷ ᠵᠥᠭ᠌ ᠶᠢᠡᠨ ᠠᠢ᠌ᠰᠤᠢ᠃

      ᠵᠢᠩ ᠦᠳᠡ ᠶᠢᠨ ᠭᠠᠯ ᠨᠠᠷᠠ ᠠᠰ ᠣᠷᠤᠢ ᠡᠴᠠ ᠳᠦᠭᠡᠨᠡᠵᠤ᠂ ᠭᠦᠮᠤᠨ ᠠᠮᠢᠳᠠᠨ ᠢ ᠬᠠᠯᠠᠭᠤᠨ ᠳᠤᠭᠤᠭᠠᠨ ᠳᠤ ᠣᠷᠤᠭᠰᠠᠨ ᠰᠢᠷᠭᠤᠯᠵᠢ ᠮᠠᠳᠤ ᠪᠠᠴᠢᠮᠳᠠᠭᠤᠯᠤᠨ᠎ᠠ᠃ ᠨᠠᠷᠠ ᠵᠢᠷᠭᠠᠬᠤ ᠶᠢᠨ ᠠᠯᠳᠠ ᠪᠠᠷ ᠵᠡᠭᠦᠨ ᠡᠮᠤᠨ᠎ᠡ ᠡᠴᠠ ᠭᠡᠨᠡᠳᠲᠡ ᠰᠠᠯᠭᠢᠨ ᠰᠠᠯᠭᠢᠯᠠᠵᠤ᠂ ᠪᠠᠷᠠᠭᠠᠨ ᠬᠠᠷ᠎ᠠ ᠡᠭᠦᠯᠡ ᠬᠤᠷᠭᠤᠯᠵᠠᠨ ᠡᠪᠭᠡᠷᠡᠯᠳᠤᠨ ᠪᠣᠰᠴᠤ᠂ ᠵᠠᠪᠠᠳᠤ ᠶᠢᠨ ᠵᠢᠯᠠᠭ᠎ᠠ ᠶᠢ ᠡᠪᠴᠢᠭᠦᠨ ᠳᠤ ᠪᠠᠨ ᠬᠤᠮᠢᠨ᠂ ᠳᠤᠭᠰᠢᠨ ᠪᠣᠷᠤᠭᠠᠨ ᠣᠷᠤᠬᠤ ᠲᠦᠯᠤᠪ ᠲᠡᠶ ᠪᠣᠯᠤᠯ᠎ᠠ᠃ ᠡᠨᠡ ᠦᠶᠡᠰ ᠪᠠᠭᠠᠳᠤᠷ ᠤᠨ ᠭᠢᠨ ᠪᠠᠶᠠᠷᠯᠠᠨ᠎ᠠ ᠪᠠᠰᠠ ᠴᠤ ᠶᠠᠭᠠᠷᠠᠨ᠎ᠠ᠃ ᠪᠠᠭᠠᠳᠤᠷ ᠭᠦᠶ‍ᠦᠳᠡᠯ ᠶᠢᠡᠷ ᠠᠭᠤᠯᠠᠨ ᠭᠢᠷ᠎ᠠ ᠭᠦᠷᠴᠤ᠂ ᠬᠤᠨᠢᠳ ᠶᠢᠡᠨ ᠭᠦᠭᠡᠭᠡᠨ ᠠᠪᠴᠢᠷᠠᠵᠤ ᠬᠤᠳᠠᠨ ᠳ᠋ᠤᠨᠢ ᠬᠤᠷᠢᠨ᠎ᠠ ᠴᠡᠴᠡᠭ᠌ ᠮᠠᠯ ᠶᠢᠡᠨ ᠭᠦᠢᠳᠡᠨ ᠪᠣᠷᠤᠭᠠᠨ ᠰᠢᠭᠤᠷᠭ᠎ᠠ ᠳᠤ ᠰᠢᠭᠤᠷᠭᠠᠭᠳᠠᠨ ᠡᠪᠦᠯᠵᠢᠶ᠎ᠡ ᠵᠥᠭ᠌ ᠶᠢᠡᠨ ᠣᠷᠤᠭᠤᠳᠬᠤ ᠡᠴᠠ ᠠᠶᠤᠵᠤ ᠮᠠᠯ ᠤᠳ ᠶᠢᠡᠨ ᠠᠭᠤᠯᠠᠨ ᠵᠢᠯᠠᠭ᠎ᠠ ᠥᠭᠡᠳᠡ ᠱᠠᠯᠠᠪᠳᠠᠨ ᠭᠦᠭᠡᠭᠡᠨ᠎ᠡ ᠨᠤᠷᠮ᠎ᠠ ᠨᠠᠰᠤᠳᠠᠨ ᠴᠤ ᠵᠥᠭᠡᠷ ᠰᠠᠭᠤᠵᠤ ᠴᠢᠳᠠᠯ ᠦᠭᠡᠶ᠂ ᠡᠷᠦᠭᠡ ᠪᠠᠨ ᠳᠠᠷᠤᠵᠤ᠂ ᠭᠠᠳᠠᠨ᠎ᠠ ᠳᠡᠯᠭᠡᠰᠦᠳᠡᠢ ᠬᠤᠷᠤᠳ ᠠᠭᠠᠷᠤᠤᠯ ᠵᠢᠴᠢ ᠠᠷᠤᠭ ᠲᠡᠶ ᠠᠷᠭᠠᠯ ᠲᠦᠯᠠᠰᠢ ᠪᠠᠨ ᠳᠤᠳᠤᠭᠰᠢ ᠵᠥᠭᠡᠭᠡᠵᠤ ᠪᠦᠵᠢᠭᠢᠨᠡᠨ᠎ᠡ᠃ ᠣᠳᠠᠯ ᠦᠭᠡᠶ ᠠᠶᠤᠩᠭ᠎ᠠ ᠨᠢᠵᠢᠭᠢᠨᠠᠨ᠂ ᠴᠠᠭᠢᠯᠭᠠᠨ ᠴᠠᠭᠢᠯᠵᠤ ᠭᠦᠰᠡᠯ ᠤᠨ ᠬᠤᠷ᠎ᠠ ᠪᠠᠭᠤᠯ᠎ᠠ᠃

     ᠪᠣᠷᠤᠭᠠᠯᠠᠬᠤ ᠡᠴᠠ ᠡᠮᠤᠨ᠎ᠡ ᠪᠠᠭᠠᠳᠤᠷ ᠤᠨ ᠭᠢᠨ ᠬᠤᠨᠢ ᠮᠠᠯ ᠶᠢᠡᠨ ᠬᠤᠷᠢᠬᠤ ᠶᠢ ᠨᠢ ᠬᠤᠷᠢᠵᠤ᠂ ᠬᠤᠷᠢᠶᠠᠬᠤ ᠶᠢ ᠨᠢ ᠬᠤᠷᠢᠶᠠᠵᠤ ᠠᠮᠵᠢᠭᠰᠠᠨ ᠡᠴᠠ ᠮᠤᠩᠭ᠋ᠤᠯ ᠭᠡᠷ ᠲᠤ ᠪᠠᠨ ᠯᠠ ᠪᠠᠨ ᠠᠰᠠᠭᠠᠨ ᠳᠠᠢ᠌ᠪᠣᠭᠤᠬᠠᠨ ᠵᠤᠭᠤᠭᠳᠠᠵᠤ ᠭᠠᠷᠤᠯ᠎ᠠ᠃ ᠪᠠᠭᠠᠳᠤᠷ ᠡᠴᠠ᠄

     《ᠳᠤᠭᠰᠢᠨ ᠪᠣᠷᠤᠭᠠᠨ ᠣᠷᠤᠭᠰᠠᠨ ᠡᠴᠠ ᠡᠨᠡ ᠨᠠᠷᠢᠨ ᠭᠤᠷᠤᠬ᠎ᠠ ᠴᠢᠨᠢ ᠮᠠᠷᠭᠠᠰᠢ ᠡᠴᠠ ᠪᠠᠰᠠ ᠯᠠ ᠣᠷᠤᠰᠬᠠᠯ ᠳᠠᠰᠤᠷᠠᠬᠤ ᠶᠤᠮ ᠪᠠᠢ᠌ᠨ᠎ᠠ》 ᠭᠡᠪᠡ᠃

     《ᠳᠠᠢ᠌ᠮᠤ ᠳ᠋ᠠ᠃ ᠭᠡᠪᠠᠴᠤ ᠣᠳᠤ ᠮᠠᠰᠢᠨ ᠬᠤᠳᠳᠤᠭ ᠲᠡᠶ ᠪᠣᠯᠤᠭᠰᠠᠨ ᠡᠴᠠ ᠵᠤᠪᠠᠬᠤ ᠴᠢᠬᠤᠯᠠ ᠦᠭᠡᠶ ᠪᠣᠯᠤᠭᠰᠠᠨ᠂ ᠦᠭᠡᠶ ᠪᠣᠯ ᠪᠠᠰᠠᠴᠤ ᠶᠡᠭᠡ ᠠᠵᠢᠯ ᠰᠢᠤ︕》 ᠭᠡᠵᠤ ᠴᠡᠴᠡᠭ᠌ ᠢᠨᠢᠶᠠᠨ ᠶᠠᠷᠢᠨ᠎ᠠ᠃ ᠬᠠᠪᠣᠷ ᠤᠨ ᠰᠡᠭᠦᠯᠴᠢ ᠪᠠᠷ ᠪᠠᠭᠠᠳᠤᠷ ᠤᠨ ᠭᠠᠴᠠᠭᠠᠨ ᠳᠤ ᠣᠯᠤᠰ ᠡᠴᠠ ᠮᠠᠯᠴᠢᠳ ᠲᠤ ᠮᠠᠰᠢᠨ ᠬᠤᠳᠳᠤᠭ ᠳᠠᠭᠠᠷᠠᠭᠤᠯᠤᠨ ᠦᠭ‍ᠭᠦ ᠲᠦᠰᠤᠯ ᠢᠷᠡᠭᠦ ᠪᠠᠷ ᠡᠳᠡᠨ ᠤ ᠭᠢᠨ ᠵᠤᠰᠠᠭᠠᠯ ᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠪᠠᠳᠤ ᠶᠢᠨ ᠵᠢᠯᠠᠭ᠎ᠠ ᠳᠤ ᠪᠠᠨ ᠨᠢᠭᠡ ᠮᠠᠰᠢᠨ ᠬᠤᠳᠳᠤᠭ ᠳᠠᠭᠠᠷᠠᠭᠤᠯᠤᠨ ᠠᠪᠣᠭᠰᠠᠨ ᠡᠴᠠ ᠳᠠᠭᠢᠵᠤ ᠶᠡᠭᠡ ᠪᠣᠷᠤᠭᠠᠨ ᠣᠷᠤᠵᠤ ᠨᠠᠷᠢᠨ ᠭᠤᠷᠤᠬ᠎ᠠ ᠣᠷᠤᠰᠬᠠᠯ ᠳᠠᠰᠤᠷᠠᠬᠤ ᠡᠴᠠ ᠡᠮᠢᠶᠡᠭᠦ ᠦᠭᠡᠶ ᠪᠣᠯᠵᠤ᠂ ᠥᠩᠭᠡᠷᠡᠭ᠍ᠰᠡᠨ ᠤ ᠭᠠᠴᠢᠭᠳᠠᠯᠳᠤ ᠴᠠᠭ ᠮᠦᠴᠡ ᠳᠡᠦᠭᠡ ᠪᠣᠯᠤᠨ ᠬᠤᠴᠤᠷᠠᠪᠠ᠃

     《ᠮᠠᠨ ᠤ ᠨᠤᠳᠤᠭ ᠴᠢᠨᠢ ᠶᠠᠪᠣᠬᠤ ᠳᠤᠳᠤᠮ ᠶᠢᠡᠨ ᠥᠭᠡᠳᠡᠯᠡᠵᠤ ᠪᠠᠢ᠌ᠨ᠎ᠠ ᠰᠢᠤ᠃ ᠣᠳᠤ ᠴᠢᠨᠢ ᠪᠦᠷ ᠮᠠᠯ ᠵᠡᠭᠦᠡᠰᠢ ᠳᠠᠪᠠᠬᠤ ᠡᠴᠠ ᠠᠶᠤᠬᠤ ᠦᠭᠡᠶ᠂ ᠨᠠᠷᠢᠨ ᠭᠤᠷᠤᠬ᠎ᠠ ᠣᠷᠤᠰᠬᠠᠯ ᠳᠠᠰᠤᠷᠠᠬᠤ ᠡᠴᠠ ᠴᠤ ᠡᠮᠢᠶᠡᠭᠦ ᠦᠭᠡᠶ ᠪᠣᠯᠤᠭᠰᠠᠨ᠃ ᠣᠯᠤᠰ ᠭᠡᠷ ᠤᠨ ᠳᠦᠷᠤ ᠶᠢᠨ ᠪᠣᠳᠤᠯᠭ᠎ᠠ ᠪᠢᠳᠠᠨ ᠰᠢᠭ᠌ ᠮᠠᠯᠴᠢᠳ ᠶᠢᠡᠨ ᠥᠨᠡᠭᠡᠷ ᠴᠤ ᠬᠠᠷᠠᠭᠠᠯᠵᠠᠵᠤ ᠪᠠᠢ᠌ᠨ᠎ᠠ᠃ ᠶᠠᠭ ᠯᠠ ᠡᠨᠠ ᠪᠣᠷᠤᠭᠠᠨ ᠰᠢᠭ ᠴᠠᠭ ᠳᠠᠭᠠᠨ ᠳᠤᠭᠢᠷᠠᠵᠤ ᠮᠠᠯᠴᠢᠳ ᠶᠢᠡᠨ ᠣᠮᠳᠠᠯᠠᠭᠰᠠᠨ ᠪᠠᠢ᠌ᠨ᠎ᠠ ᠰᠢᠤ︕》 ᠭᠡᠵᠤ ᠨᠤᠷᠮ᠎ᠠ ᠨᠠᠰᠤᠳᠠᠨ ᠦᠯᠦ ᠮᠡᠳᠡᠭ᠌ ᠵᠣᠢ᠌ᠷᠯᠠᠯ ᠢ ᠭᠡᠷᠡᠭᠯᠡᠨ ᠣᠷᠮᠠᠳᠠᠢ᠌ᠬᠠᠨ ᠥᠭᠦᠯᠡᠭᠦ ᠳᠤ ᠭᠠᠳᠠᠨ᠎ᠠ ᠱᠠᠭᠢᠬᠤ ᠪᠣᠷᠤᠭᠠᠨ ᠴᠤ ᠨᠠᠰᠤᠳᠠᠨ ᠤ ᠥᠭᠡ ᠶᠢ ᠣᠯᠵᠤ ᠰᠤᠨᠤᠰᠤᠭᠰᠠᠨ ᠰᠢᠭ ᠣᠯᠠᠮ ᠭᠦᠴᠦᠳᠡᠢ ᠱᠠᠭᠢᠨ᠎ᠠ᠃

     《ᠬᠨ᠂ ᠬᠨ ᠁ ᠡᠨᠡ ᠵᠢᠯ ᠬᠤᠷ᠎ᠠ ᠣᠰᠤ ᠳᠡᠭ᠍ᠰᠢ᠂ ᠮᠠᠯ ᠬᠤᠨᠢᠳ ᠳᠠᠷᠭᠤ ᠭᠦᠴᠦᠳᠡᠢ ᠳᠡᠭᠡᠷ᠎ᠡ ᠮᠠᠯ ᠤᠨ ᠦᠨ᠎ᠡ ᠴᠤ ᠨᠠᠯᠢᠶᠠᠤᠨ ᠭᠦᠷᠭᠦ ᠴᠢᠮᠡᠭᠡ ᠲᠡᠶ᠂ ᠦᠨᠦ ᠴᠢᠨᠢ ᠪᠠᠶᠠᠵᠢᠬᠤ ᠦᠭᠡᠶ ᠭᠡᠳ ᠴᠤ ᠠᠷᠭ᠎ᠠ ᠦᠭᠡᠶ ᠪᠣᠯᠤᠭᠰᠠᠨ》 ᠭᠡᠵᠤ ᠪᠠᠭᠠᠳᠤᠷ ᠪᠠᠷᠳᠠᠮᠬᠠᠨ ᠭᠡᠯᠡᠭᠡᠳ ᠴᠠᠢ ᠪᠠᠨ ᠣᠭᠤᠴᠢᠯᠠᠨ᠎ᠠ᠃

     《ᠡᠨᠡ ᠵᠢᠯ ᠰᠥ᠋ ᠰᠠᠭᠠᠯᠢ ᠴᠤ ᠡᠯᠪᠠᠭ᠌ ᠬᠤᠷᠢᠶᠠᠭᠰᠠᠨ᠂ ᠦᠪᠡᠷ ᠲᠤ ᠪᠠᠨ ᠢᠳᠡᠭᠦ ᠪᠠᠨ ᠥᠯᠡᠳᠡᠭᠡᠭᠡᠳ ᠥᠯᠡᠳᠡᠭ᠍ᠰᠡᠨ ᠢ ᠨᠢ ᠬᠤᠳᠠᠯᠳᠤᠬᠤ ᠳᠤ ᠴᠤ ᠨᠠᠯᠢᠶᠠᠤᠨ ᠣᠯᠤᠨ᠎ᠠ᠃ ᠡᠨᠡ ᠡᠪᠦᠯ ᠵᠢᠯ ᠤᠨ ᠪᠠᠷᠠᠭ᠎ᠠ ᠠᠪᠬᠤ ᠳᠤ ᠵᠠᠷᠤᠭᠠᠤᠨ ᠯᠠ ᠭᠦᠷᠤᠨ᠎ᠡ》 ᠭᠡᠮᠡᠨ ᠴᠡᠴᠡᠭ᠌ ᠴᠤ ᠦᠪᠡᠷ ᠤᠨ ᠪᠦᠳᠦᠮᠵᠢ ᠪᠠᠨ ᠭᠠᠢ᠌ᠬᠠᠭᠤᠯᠤᠨ ᠳᠤᠭᠠᠴᠢᠨ᠎ᠠ᠃

     《ᠥᠩᠭᠡᠷᠡᠭ᠍ᠰᠡᠨ ᠳᠤ ᠮᠠᠯᠴᠢᠳ ᠨᠤᠳᠤᠭ ᠶᠢᠡᠨ᠂ ᠮᠠᠯ ᠶᠢᠡᠨ ᠳᠦᠰᠢᠳᠡᠭ᠌ ᠪᠠᠢ᠌ᠭᠰᠠᠨ ᠶᠢᠡᠨ ᠣᠳᠤ ᠮᠠᠯᠴᠢᠳ ᠨᠠᠮ ᠶᠢᠡᠨ᠂ ᠨᠤᠳᠤᠭ ᠶᠢᠡᠨ᠂ ᠮᠠᠯ ᠶᠢᠡᠨ ᠵᠡᠷᠭᠡ ᠪᠠᠷ ᠳᠦᠰᠢᠭᠦ ᠪᠣᠯᠤᠭᠰᠠ᠃ ᠨᠠᠮ ᠤᠨ ᠬᠠᠢ᠌ᠷ᠎ᠠ ᠬᠠᠯᠠᠮᠵᠢ ᠳᠤᠤᠷ᠎ᠠ ᠮᠠᠨ ᠤ ᠠᠮᠢᠳᠤᠷᠠᠯ ᠡᠳᠦᠷ ᠡᠴᠠ ᠡᠳᠦᠷ ᠰᠠᠢ᠌ᠵᠢᠷᠠᠵᠤ ᠪᠠᠢ᠌ᠨ᠎ᠠ᠃ ᠥᠨᠡᠭᠡᠷ ᠴᠤ 〈ᠨᠠᠷᠠ ᠪᠠᠨ ᠳᠠᠭᠠᠪᠠᠯ ᠳᠦᠭᠡᠷᠢᠭᠦ ᠦᠭᠡᠶ᠂ ᠨᠠᠮ ᠪᠠᠨ ᠳᠠᠭᠠᠪᠠᠯ ᠪᠣᠷᠤᠭᠤᠳᠬᠤ ᠦᠭᠡᠶ﹀ ᠳ᠋ᠠ》 ᠭᠡᠵᠤ ᠨᠤᠷᠮ᠎ᠠ ᠨᠠᠰᠤᠳᠠᠨ ᠣᠴᠢᠷ ᠦᠭᠡᠶ ᠶᠡᠭᠡ ᠭᠦᠨ ᠶᠤᠰᠤ ᠶᠢ ᠥᠭᠦᠯᠡᠭᠦ ᠳᠤ ᠪᠠᠭᠠᠳᠤᠷ ᠪᠣᠯᠤᠨ ᠴᠡᠴᠡᠭ᠌ ᠵᠡᠷᠭᠡ ᠨᠢᠭᠡᠯᠡ ᠠᠶᠠᠯᠭ᠎ᠠ ᠪᠠᠷ᠄

     《ᠮᠠᠨ ᠤ ᠡᠮᠧ ᠴᠢᠨᠢ ᠪᠠᠰᠠ ᠷᠠᠳᠢᠤ᠋ ᠳᠡᠭᠡᠷᠡᠭᠢ ᠲᠡᠶ ᠠᠳᠠᠯᠢᠬᠠᠨ ᠶᠠᠷᠢᠳᠠᠭ ᠪᠣᠯᠤᠭᠰᠠᠨ ᠪᠠᠢ᠌ᠨ᠎ᠠ ᠰᠢᠤ》 ᠭᠡᠮᠡᠨ ᠭᠡᠯᠡᠵᠤ᠂ ᠡᠵᠢ᠂ ᠭᠦᠤ᠂ ᠪᠠᠷᠢ ᠨᠢᠭᠡᠨ ᠨᠢᠭᠡᠨ ᠶᠢᠡᠨ ᠬᠠᠷᠠᠨ ᠢᠨᠢᠶᠠᠯᠴᠠᠵᠤ᠂ ᠵᠠᠪᠠᠳᠤ ᠶᠢᠨ ᠵᠢᠯᠠᠭ᠎ᠠ ᠶᠢ ᠪᠠᠶᠠᠷ ᠤᠨ ᠢᠨᠢᠶᠠᠳᠤ ᠳᠤ ᠪᠠᠨ ᠵᠢᠪᠪᠦᠭᠦᠯᠤᠨ᠎ᠡ᠃ ᠮᠥᠩᠭᠡ ᠳᠡᠭ᠍ᠷᠢ ᠡᠴᠠ ᠷᠠᠰᠢᠶᠠᠨ ᠬᠤᠷ᠎ᠠ ᠪᠠᠨ ᠴᠠᠭ ᠭᠠᠷᠤᠢ ᠰᠠᠴᠤᠭᠰᠠᠨ ᠶᠢᠡᠨ ᠵᠤᠭᠰᠤᠰᠭᠢᠵᠤ᠂ ᠵᠠᠮ ᠪᠣᠯᠤᠨ ᠳᠠᠯ᠎ᠠ ᠶᠢᠨ ᠬᠤᠩᠭᠢᠯ ᠶᠢᠡᠷ ᠣᠰᠤ ᠮᠠᠯᠠᠢ᠌ᠨ ᠳᠦᠭᠦᠷᠴᠤ᠂ ᠡᠭᠦᠯᠡᠨ ᠵᠠᠪᠰᠠᠷ ᠶᠢᠡᠷ ᠪᠣᠯᠳᠠᠢ᠌ᠬᠤ ᠰᠠᠷᠠᠨ ᠠᠪᠠᠬᠠᠢ ᠶᠢᠨ ᠰᠥᠮᠡᠢ᠌ᠭᠦ ᠭᠡᠷᠡᠯ ᠳᠤ ᠭᠢᠯᠳᠤᠭᠠᠨᠠᠨ᠂ ᠡ᠊ᠨᠳᠡ ᠳᠠᠠᠳᠠ ᠦᠭᠡᠶ ᠪᠦᠭᠡᠮ ᠪᠦᠭᠡᠮ ᠰᠤᠪᠣᠤᠨ ᠰᠠᠴᠤᠭᠰᠠᠨ ᠰᠢᠭ ᠬᠠᠷᠠᠭᠳᠠᠨ᠎ᠠ᠃

     ᠭᠦᠳᠡᠭᠡ ᠨᠤᠳᠤᠭ ᠲᠤ ᠵᠤᠨ ᠤ ᠬᠠᠯᠠᠭᠤᠨ ᠶᠢᠡᠷ ᠪᠣᠷᠤᠭᠠᠨ ᠣᠷᠤᠬᠤ ᠳᠤ ᠮᠠᠯᠴᠢᠳ ᠨᠢ ᠪᠠᠶᠠᠷᠯᠠᠬᠤ ᠪᠠᠷ ᠪᠠᠷᠠᠬᠤ ᠦᠭᠡᠶ᠂ ᠠᠮᠢᠳᠠᠨ ᠠᠷᠢᠶᠠᠳᠠᠤᠨ ᠨᠢ ᠴᠤ ᠪᠦᠷ ᠶᠡᠭᠡ ᠪᠠᠶᠠᠷᠯᠠᠳᠠᠭ᠃ ᠡᠨᠡ ᠪᠣᠷᠤᠭᠠᠨ ᠨᠢ ᠮᠡᠯᠡᠭᠡᠢ ᠨᠤᠭᠤᠳ ᠴᠤ ᠶᠠᠭ ᠯᠠ ᠨᠤᠷᠮ᠎ᠠ ᠨᠠᠰᠤᠳᠠᠨ ᠤ ᠭᠡᠯᠡᠭ᠍ᠰᠡᠨ ᠰᠢᠭ᠌ ᠶᠢᠡᠷ ᠴᠠᠭ ᠳᠠᠭᠠᠨ ᠳᠤᠭᠢᠷᠠᠭᠰᠠᠨ ᠪᠣᠷᠤᠭᠠᠨ ᠳ᠋ᠠ᠃ ᠬᠤᠷ᠎ᠠ ᠶᠢᠨ ᠳᠠᠷᠠᠭᠠᠭᠢ ᠮᠡᠯᠡᠭᠡᠢ ᠨᠤᠭᠤᠳ ᠨᠢᠭᠡ ᠬᠤᠶᠠᠷ ᠶᠢᠡᠷ ᠡ᠊ᠨᠳᠡ ᠳᠠᠠᠳᠠ ᠦᠭᠡᠶ ᠦᠰᠦᠷᠭᠢᠯᠠᠨ᠂ ᠨᠢᠭᠡᠨ ᠨᠢᠭᠡᠨ ᠡᠴᠠ ᠪᠠᠨ ᠣᠷᠤᠯᠳᠤᠵᠤ 《ᠭᠤᠶᠤ᠂ ᠭᠤᠶᠤ ᠁》 ᠭᠡᠮᠡᠨ ᠵᠠᠪᠠᠳᠤ ᠶᠢᠨ ᠵᠢᠯᠠᠭ᠎ᠠ ᠶᠢ ᠴᠤᠤᠷᠢᠶᠠᠳᠤᠳᠠᠯ᠎ᠠ ᠬᠠᠰᠭᠢᠷᠤᠯᠳᠠᠨ᠎ᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ ᠵᠢᠨ 09 ᠰᠠᠭᠤᠷᠢᠨ ᠭᠠᠵᠠᠷ ᠤᠨ ᠠᠩᠭᠢ

ᠵᠤᠬᠢᠶᠠᠭᠴᠢ᠄ ᠨᠢᠮᠠᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 8641
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ