ᠣᠭᠢᠯᠠᠮᠠᠷ ᠳᠠᠭᠤᠯᠠᠮᠠᠷ

ᠬᠠᠢ᠌ᠷᠠᠯᠠᠭᠳᠠᠮᠠᠷ ᠥᠭᠡᠢ᠌ᠯᠡᠭ᠍ᠳᠡᠮᠡᠷ᠂

ᠥᠩᠭᠡᠷᠡᠭ᠍ᠰᠡᠨ ᠮᠠᠨ ᠤ ᠴᠠᠭ  

ᠬᠠᠨᠢ ᠪᠣᠯᠵᠤ ᠠᠶᠠᠭᠠᠨ ᠤ ᠬᠠᠭᠠᠷᠠᠬᠠᠢ ᠳᠤ ᠴᠠᠢ ᠳᠡᠭᠡᠵᠢᠯᠡᠭᠦᠯᠤᠨ  

ᠬᠠᠵᠤᠤᠬᠠᠢ ᠭᠢᠵᠤ ᠪᠦᠦᠪᠠᠢ ᠶᠢᠨ ᠳᠠᠭᠤᠤ ᠠᠶᠠᠯᠤᠨ  

ᠬᠠᠭᠢᠷ ᠳᠤᠤᠭᠠᠷᠤᠨ

《ᠭᠡᠷ ᠤᠨ ᠡᠵᠡᠨ》

ᠰᠥᠪᠠᠭᠡ ᠳᠤᠯᠵᠤ  

ᠬᠤᠨᠢ ᠶᠢ ᠬᠤᠳᠠᠯᠠ᠂ ᠭᠡᠮᠡᠨ

ᠭᠦᠭᠡ ᠠᠯᠠᠭ ᠴᠢᠯᠠᠭᠤᠳ ᠢ ᠵᠥᠭᠡᠯᠭᠡᠨ᠎ᠡ  

ᠭᠦᠷᠵᠡᠩ ᠲᠡᠶ ᠬᠤᠷᠤᠭᠠᠨ ᠳᠤ

ᠬᠤᠷᠭᠤᠯ ᠥᠰᠦᠷᠭᠡᠨ

《ᠳᠠᠷᠢ》 ᠳᠡᠯᠪᠠᠷᠡᠭᠦᠯᠤᠨ

ᠭᠡᠦᠭᠡᠡᠴᠦᠦᠯ ᠤᠨ ᠨᠢᠳᠤ ᠶᠢ ᠨᠢᠯᠪᠣᠰᠤᠳᠠᠭᠤᠯᠤᠨ

ᠡᠵᠢ ᠳ᠋ᠤᠨᠢ ᠠᠭᠤᠷᠯᠠᠭᠳᠠᠨ᠎ᠠ  

ᠬᠤᠸᠷᠭᠢᠳᠠᠯ᠎ᠠ ᠪᠠᠰᠠ ᠭᠤᠤᠯ ᠤᠨ ᠳᠤᠬᠤᠢ ᠪᠠᠷ ᠭᠦᠶ‍ᠦᠯᠳᠦᠵᠤ  

ᠬᠤᠧᠨ ᠠᠯᠠᠭ ᠳᠤᠭᠤᠯ ᠪᠢᠷᠠᠭᠤᠳ ᠰᠢᠭ ᠮᠥᠭᠡᠷᠦᠯᠳᠤᠨ ᠮᠦᠷᠭᠦᠯᠳᠤᠨ  

ᠣᠰᠤᠨ ᠳᠤ ᠦᠰᠦᠴᠢᠨ ᠵᠢᠭᠠᠰᠤ ᠵᠢᠭᠠᠯᠢᠬᠠᠢ ᠲᠡᠶ ᠡᠷᠭᠡ ᠴᠢᠯᠦᠭᠡ ᠪᠣᠯᠢᠶᠠᠯᠳᠤᠨ  

ᠵᠥᠯᠭᠡᠨ ᠳᠤ ᠳᠤᠩᠭ᠋ᠤᠴᠠᠯᠠᠵᠤ ᠢᠰᠢᠭᠡ ᠬᠤᠷᠠᠭ᠎ᠠ ᠲᠡᠶ ᠪᠠᠯᠴᠢᠭᠡᠷ ᠢᠵᠢᠯᠢᠳᠤᠨ  

ᠭᠡᠭᠡᠷ᠎ᠡ ᠶᠢᠨ ᠭᠠᠬᠠᠢ ᠪᠣᠯᠵᠤ ᠭᠡᠷᠡᠮ ᠬᠠᠰᠢᠶᠠᠨ ᠳᠠᠯᠳᠠ ᠪᠠᠷ ᠨᠢᠭᠤᠯᠴᠠᠭᠠᠨ  

ᠭᠡᠨ ᠨᠢᠭᠡᠨ ᠨᠢ 《ᠫᠦᠩ》 ᠭᠡᠭᠦ ᠳᠤ ᠰᠤᠯᠳᠠᠢ᠌ᠨ ᠣᠨᠠᠨ᠎ᠠ  

ᠥᠯᠦᠰᠭᠦ ᠪᠠᠨ ᠮᠠᠷᠳᠠᠨ ᠦᠳᠡᠰᠢ ᠭᠡᠯᠪᠠᠢ᠌ᠯᠭᠡᠨ  

ᠥᠨᠡᠷᠭᠡᠨ ᠪᠠᠢ᠌ᠭᠰᠠᠭᠠᠷ ᠦᠨ᠎ᠡ ᠨᠢ ᠭᠡᠳᠦᠷᠴᠤ ᠬᠠᠶᠠ ᠣᠭᠢᠯᠠᠨ  

ᠴᠢᠮ᠎ᠠ ᠲᠡᠶ ᠨᠠᠭᠠᠳᠤᠬᠤ ᠦᠭᠡᠶ ᠭᠡᠵᠤ ᠴᠢᠷᠠᠢ ᠭᠦᠭᠡᠢ᠌ᠯᠭᠡᠨ  

ᠴᠠᠮᠴᠠᠨ ᠳᠠᠭᠠᠨ ᠨᠢᠯᠪᠣᠰᠤ ᠲᠡᠶ ᠶᠠᠪᠣᠴᠢᠬᠠᠵᠤ᠂ ᠶᠠᠪᠣᠴᠢᠬᠠᠵᠤ ᠁   

ᠨᠠᠷᠠ ᠬᠠᠯᠠᠬᠤ ᠪᠠᠷ ᠭᠤᠰᠭᠢᠨ ᠪᠣᠰᠴᠤ  

ᠨᠠᠮᠤᠰᠤ ᠪᠣᠯᠵᠤ ᠣᠭᠢᠯᠠᠭᠰᠠᠨ ᠢᠨᠢᠶᠡᠯᠳᠦᠭ᠍ᠰᠡᠨ ᠶᠢᠡᠨ ᠮᠠᠷᠳᠠᠩᠬᠠᠨ  

ᠨᠢᠭᠡᠨ ᠨᠢᠭᠡᠨ ᠶᠢᠡᠨ ᠡᠷᠢᠨ ᠥᠭᠡᠷ ᠤᠨ ᠬᠡᠦᠬᠡᠳ ᠰᠢᠭ᠌ ᠮᠥᠭᠡᠷᠦᠯᠳᠦᠵᠡᠭᠡᠭᠦ  

ᠨᠡᠭᠡᠷᠡᠨ ᠯᠠ ᠣᠭᠢᠯᠠᠮᠠᠷ ᠳᠠᠭᠤᠯᠠᠮᠠᠷ ᠠᠶᠠᠯᠭᠤ        


2010.12.18 ᠠᠷᠪᠠᠨ ᠴᠠᠭ


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠬᠠᠷᠢᠶ᠎ᠠ᠄ ᠰᠢᠯᠦᠭ
ᠳᠠᠷᠤᠮ᠄ 1793
ᠴᠠᠭ᠄ 2010 ᠤᠨ ᠤ 12 ᠰᠠᠷ᠎ᠠ ᠶᠢᠨ 19