ᠢᠷᠠᠭᠤ ᠨᠠᠢ᠌ᠷᠠᠭ ᠤᠨ ᠬᠤᠷᠴᠢᠨ

ᠵᠢᠷᠦᠭᠡ ᠶᠢ ᠮᠢᠨᠢ ᠳᠠᠭᠠᠵᠤ ᠯᠤᠭᠰᠢᠳᠠᠭ

ᠮᠥᠭᠦᠯᠢᠭ᠌ ᠰᠢᠷᠦᠢ᠂ ᠰᠢᠷᠭᠡᠭ᠌ ᠡᠪᠠᠰᠤᠨ ᠳᠤ ᠴᠢᠨᠢ

ᠬᠠᠢ᠌ᠷᠠᠳᠠᠢ ᠯᠠ ᠭᠡᠵᠤ

ᠢᠷᠠᠭᠤ ᠨᠠᠢ᠌ᠷᠠᠭ ᠪᠢᠴᠢᠵᠤ ᠰᠤᠷᠤᠭᠰᠠᠨ

ᠵᠥᠷᠢᠭ᠍ᠳᠡᠯ ᠤᠨ ᠴᠢᠯᠠᠭᠤ ᠰᠢᠭ᠌

ᠵᠢᠰᠤ ᠪᠠᠨ ᠠᠯᠳᠠᠭᠰᠠᠨ

ᠣᠨ ᠵᠢᠯ ᠤᠳ ᠤᠨ ᠴᠢᠨᠢ ᠳᠦᠯᠦᠭᠡ ᠶᠤᠰᠤᠯᠠᠵᠤ

ᠵᠤᠪᠠᠬᠤ ᠳᠠᠭᠠᠨ ᠳᠠᠭᠤᠯᠠᠭᠰᠠᠨ ᠳᠠᠭᠤᠤ ᠊᠊᠊᠊᠊᠊᠊᠊᠊᠊᠊᠊᠊᠊᠊

ᠭᠠᠳᠠ ᠶᠢᠨ ᠨᠤᠳᠤᠭ

ᠵᠥᠭ᠌ ᠪᠦᠷᠢ ᠶᠢᠨ ᠴᠢᠨᠢ ᠵᠢᠪᠠᠷ ᠶᠢᠡᠷ

ᠬᠠᠴᠠᠷ ᠶᠢᠡᠨ ᠥᠨᠦᠰᠦᠭᠦᠯᠵᠤ

ᠵᠥᠩᠳᠡᠭᠡᠨ ᠣᠯᠠᠨ ᠰᠢᠷ᠎ᠠ ᠪᠦᠷᠦᠢ ᠶᠢ

ᠳᠠᠮᠠᠭᠢᠨ ᠭᠠᠯ ᠶᠢᠡᠷ ᠥᠳᠡᠭᠦ ᠳᠡᠭᠡᠨ

ᠵᠡᠭᠦᠳᠤ ᠪᠠᠨ ᠴᠢᠮ᠎ᠠ ᠳᠤ ᠶᠠᠷᠢᠬᠤ ᠳᠤ

ᠵᠥᠭᠡᠷ ᠯᠠ ᠶᠡᠪᠦ᠂ ᠭᠦᠤ ᠮᠢᠨᠢ︕ ᠭᠡᠵᠤ

ᠡᠵᠢ ᠲᠡᠶ ᠮᠢᠨᠢ ᠠᠳᠠᠯᠢᠬᠠᠨ

ᠨᠠᠮᠢ᠋ᠢ ᠬᠤᠯᠠ ᠶᠠᠪᠣᠭᠤᠯᠤᠨ᠎ᠠ ᠭᠡᠵᠤ ᠵᠤᠪᠠᠭᠰᠠᠨ

ᠦᠨᠢ ᠶᠢᠨ ᠬᠠᠢ᠌ᠷᠠᠳᠤ ᠭᠠᠵᠠᠷ ᠣᠰᠤᠨ ᠮᠢᠨᠢ

ᠳᠤᠭᠤᠷᠤᠤ ᠪᠣᠴᠠᠵᠤ

ᠵᠡᠭᠡᠰᠤ ᠰᠢᠷᠭᠠᠯᠳᠤᠬᠤ ᠳᠤ

ᠳᠤᠯᠤᠭᠠᠤᠨ ᠤᠨ ᠶᠢᠡᠨ ᠣᠷᠤᠢ ᠶᠢ ᠳᠠᠷᠠᠯᠠᠵᠤ

ᠳᠠᠩᠭ᠋ᠠᠷᠢᠭ ᠤᠨ ᠳᠤᠬᠠᠢ ᠨᠢᠭᠡᠨ ᠰᠢᠯᠦᠭ᠌ ᠪᠢᠴᠢᠭ᠍ᠰᠡᠨ

ᠳᠠᠷᠠ ᠡᠳᠦᠷ

ᠳᠡᠷᠯᠢᠭ᠌ ᠤᠨ ᠶᠢᠡᠨ ᠡᠩᠭᠡᠷ

ᠨᠠᠷ᠎ᠠ ᠶᠢ ᠴᠢᠨᠢ ᠰᠠᠢ᠌ᠯᠵᠤ

ᠲᠦᠮᠡᠤᠨ ᠤᠨ ᠳᠠᠯ᠎ᠠ ᠶᠢ ᠵᠤᠷᠢᠭᠰᠠᠨ ᠶᠤᠮ ᠪᠢ

ᠳᠡᠭ᠍ᠰᠢ ᠰᠠᠢ᠌ᠬᠠᠨ ᠮᠤᠩᠭ᠋ᠤᠯ ᠶᠢᠡᠷ ᠶᠢᠡᠨ ᠪᠢᠴᠢᠭ᠍ᠰᠡᠨ ᠶᠤᠮ

ᠲᠦᠮᠡᠨ ᠤ ᠨᠢᠳᠤ ᠶᠢ

ᠦᠪᠡᠷ ᠳᠡᠭᠡᠷ᠎ᠡ ᠪᠠᠨ ᠳᠤᠰᠬᠠᠵᠤ

ᠬᠠᠰᠠᠷ ᠤᠨ ᠳᠠᠯ᠎ᠠ ᠡᠴᠡ ᠭᠡᠵᠤ

ᠬᠠᠨ ᠳᠡᠯᠡᠭᠡᠢ ᠳᠤ ᠬᠠᠶ‍ᠢᠭ ᠶᠢᠡᠨ ᠶᠠᠷᠢᠭᠰᠠᠨ ᠶᠤᠮ ᠪᠢ

ᠪᠣᠷᠤᠭᠠᠯᠠᠳᠠᠭ ᠭᠢᠯᠢᠩᠨᠡᠳᠡᠭ᠌ ᠲᠦᠮᠡᠤᠨ ᠤᠨ ᠳᠡᠭ᠍ᠷᠢ ᠶᠢᠨ

ᠬᠤᠪᠢᠷᠠᠯ ᠢ ᠨᠢ ᠳᠠᠭᠠᠭᠠᠵᠤ ᠴᠢᠳᠠᠯ ᠦᠭᠡᠶ

ᠪᠠᠶ᠎ᠠ ᠶᠢᠨ ᠮᠢᠨᠢ ᠵᠡᠭᠦᠨ ᠭᠡᠰᠡᠭ᠌ ᠶᠢᠡᠷ ᠡᠪᠠᠦᠡᠴᠤ ᠡᠭᠢᠯᠡᠭᠦ ᠳᠤ

ᠪᠣᠳᠤᠭᠰᠠᠨ ᠶᠢᠡᠨ ᠭᠡᠯᠡᠵᠤ ᠴᠢᠳᠠᠬᠤ ᠦᠭᠡᠶ ᠵᠤᠪᠠᠵᠤ ᠡᠭᠢᠯᠡᠭᠦ ᠳᠤ

ᠪᠢᠳᠡᠭᠦᠷᠡᠯ ᠮᠢᠨᠢ ᠨᠢᠯᠪᠣᠰᠤ ᠪᠣᠯᠵᠤ ᠬᠤᠷᠠᠨ᠎ᠠ

ᠡᠷ᠎ᠡ ᠭᠦᠮᠤᠨ ᠣᠭᠢᠯᠠᠳᠠᠭ ᠦᠭᠡᠶ ᠶᠤᠮ

ᠡᠵᠢ ᠶᠢᠨ ᠮᠢᠨᠢ ᠣᠶᠤᠭᠰᠠᠨ ᠳᠡᠷᠯᠢᠭ᠌ ᠭᠬᠢᠷᠳᠦᠴᠢᠭᠡᠭᠦ ᠪᠣᠢ ᠭᠡᠵᠤ

ᠡᠮᠡᠭᠡᠯ ᠶᠢᠡᠨ ᠳᠠᠷᠠᠯᠠᠵᠤ ᠬᠤᠨᠤᠭᠰᠠᠨ ᠰᠦᠨᠢ

ᠴᠢ ᠮᠢᠨᠤ ᠡᠷᠭᠡ ᠴᠢᠯᠦᠭᠡᠨ ᠤ ᠣᠬᠠᠮᠰᠠᠷ

ᠡᠷᠭᠢᠭᠡᠤᠨ ᠣᠳᠠᠯ ᠦᠭᠡᠶ ᠴᠢᠮ᠎ᠠ ᠳᠠᠭᠠᠨ ᠭᠦᠷᠦᠨ᠎ᠡ ᠰᠢᠤ

ᠡᠪᠦᠷ ᠳᠦᠭᠦᠷᠡᠩ ᠨᠠᠢ᠌ᠷᠠᠭ ᠤᠨ ᠵᠢᠮᠢᠰ ᠲᠡᠶ ᠭᠦᠷᠦᠨ᠎ᠡ

ᠡᠯᠢᠭᠡᠳᠡᠵᠤ ᠣᠨᠠᠭᠰᠠᠨ ᠠᠯᠳᠠᠨ ᠰᠢᠷᠤᠢ ᠮᠢᠨᠢ

ᠦᠪᠡᠷ ᠢ ᠴᠢᠨᠢ ᠳᠠᠭᠤᠯᠠᠵᠤ ᠳᠤᠭᠳᠤᠯᠬᠤ ᠳᠤ

ᠣᠳᠤᠳ ᠨᠢ ᠴᠤ ᠨᠣᠢ᠌ᠷ ᠦᠭᠡᠶ ᠳᠤᠷᠮᠤᠯᠵᠠᠭᠰᠠᠨ

ᠣᠶᠠᠩᠭ᠋᠎ᠠ ᠶᠢᠨ ᠪᠦᠪᠠᠢ ᠲᠡᠶ ᠨᠤᠳᠤᠭ ᠮᠢᠨᠤ


2006.11.9


ᠵᠤᠬᠢᠶᠠᠭᠴᠢ ᠶᠢᠨ ᠳᠤᠬᠠᠢ᠄ ᠡ᠊·ᠵᠤᠷᠢᠭᠳᠤ᠂ ᠢᠷᠡᠭᠤ ᠨᠠᠢ᠌ᠷᠠᠭ ᠶᠢᠡᠷ ᠠᠮᠢᠰᠬᠤᠯᠯᠠᠵᠤ ᠬᠤᠨᠤᠭᠰᠠᠨ ᠰᠦᠨᠢ ᠲ᠋ᠡᠯᠡᠭᠡᠢ ᠮᠤᠩᠭ᠋ᠤᠯ ᠤᠨ ᠭᠢ ᠭᠡᠵᠤ ᠢᠳᠡᠭᠡᠵᠤ ᠳᠠᠷᠠ ᠵᠠᠷᠤᠳ ᠨᠤᠳᠤᠭ ᠲᠡᠶ᠃ 《ᠠᠷᠤ ᠭᠠᠵᠠᠷ ᠤᠨ ᠮᠤᠩᠭ᠋ᠤᠯ ᠰᠠᠷᠠ》 ᠰᠢᠯᠦᠭ᠌ ᠤᠨ ᠳᠡᠭᠦᠪᠦᠷᠢ ᠲᠡᠶ᠃ ᠦᠪᠣᠷ ᠮᠤᠩᠭ᠋ᠤᠯ ᠤᠨ ᠭᠦᠭᠡ ᠮᠤᠷᠢᠨ ᠬᠤᠭᠤᠷ ᠤᠨ ᠣᠷᠠᠯᠢᠭ ᠤᠨ ᠰᠤᠷᠭᠠᠭᠤᠯᠢ ᠡᠴᠡ ᠲ᠋ᠡᠭᠦᠰᠴᠤ᠂ ᠡᠷᠢᠯ ᠭᠦᠰᠡᠯ ᠤᠨ ᠶᠢᠡᠨ ᠭᠢᠯᠠᠰ ᠴᠢᠭ᠌ ᠥᠭᠡᠳᠡ ᠪᠠᠨ ᠳᠠᠮᠠᠤᠯᠠᠵᠤ ᠶᠠᠪᠣᠭ᠎ᠠ᠃

ᠵᠤᠬᠢᠶᠠᠭᠴᠢ᠄ ᠡ᠊·ᠵᠤᠷᠢᠭᠳᠤ
ᠬᠠᠷᠢᠶ᠎ᠠ᠄ ᠰᠢᠯᠦᠭ
ᠳᠠᠷᠤᠮ᠄ 3141
ᠴᠠᠭ᠄ 2005 ᠤᠨ ᠤ 06 ᠰᠠᠷ᠎ᠠ ᠶᠢᠨ 18