ᠡᠪᠦᠭᠡ ᠶᠢᠨ ᠳᠤᠤᠯᠢ

ᠡᠷᠦᠭᠡ ᠶᠢᠨ ᠴᠡᠷᠢᠭ᠌ ᠤᠨ ᠬᠤᠰᠢᠭᠤᠴᠢ

ᠥᠵᠡᠭ᠍ᠰᠡᠨ ᠶᠢᠡᠨ ᠣᠨᠤᠭᠠᠳᠠᠭ ᠫᠣᠤᠴᠢᠨ

ᠶᠠᠫᠣᠨ ᠴᠡᠷᠢᠭ᠌ ᠢ ᠡᠰᠡᠷᠭᠦᠴᠡᠭ᠍ᠴᠢ

ᠶᠠᠪᠠᠭᠠᠨ ᠴᠡᠷᠢᠭ᠌ ᠤᠨ ᠭᠠᠪᠰᠢᠭᠠᠢ

   ᠳᠠᠢ᠌ᠨ ᠤ ᠮᠠᠨᠠᠨ ᠳᠤᠮᠳᠠᠭᠤᠷ

   ᠳᠠᠢ᠌ᠰᠤᠨ ᠤ ᠪᠠᠷ᠎ᠠ ᠪᠠᠷ ᠳᠤᠳᠠᠭᠠᠭ᠎ᠠ ᠦᠭᠡᠶ

   ᠣᠯᠠᠨ ᠤ ᠬᠣᠢ᠌ᠨ᠎ᠠ ᠳᠠᠭᠠᠵᠤ

   ᠣᠯᠵᠠ ᠳᠡᠭᠦᠵᠤ ᠶᠠᠪᠣᠭ᠎ᠠ ᠴᠤ ᠦᠭᠡᠶ

ᠡᠭᠦᠷᠦᠭ᠍ᠰᠡᠨ ᠫᠣᠤ ᠪᠠᠨ ᠬᠠᠶᠠᠭ᠎ᠠ ᠦᠭᠡᠶ

ᠡᠭᠦᠷᠳᠦᠭ᠍ᠰᠡᠨ ᠪᠠᠶ᠎ᠠ ᠪᠠᠨ ᠬᠠᠢ᠌ᠷᠠᠯᠠᠭ᠎ᠠ ᠦᠭᠡᠶ

ᠳᠤᠭ᠎ᠠ ᠲᠡᠶ ᠨᠠᠰᠤ ᠪᠠᠨ ᠭᠢᠰᠭᠢᠵᠤ

ᠳᠤᠶᠠᠭᠠᠷᠠᠯ ᠢ ᠠᠪᠴᠢᠷᠠᠵᠤ ᠦᠭ‍ᠭᠦᠭ᠍ᠰᠡᠨ

   ᠴᠢᠯᠦᠭᠡᠯᠡᠯᠳᠡ ᠶᠢᠨ ᠴᠠᠭ ᠢ ᠪᠠᠷᠠᠯᠠᠭᠰᠠᠨ

   ᠴᠡᠷᠢᠭ᠌ ᠡᠷ᠎ᠡ ᠶᠢᠨ ᠵᠢᠪᠬᠤᠭ᠎ᠠ

   ᠮᠤᠩᠭ᠋ᠤᠯ ᠨᠤᠳᠤᠭ ᠤᠨ ᠭᠡᠢ᠌ᠮᠦᠷᠢ ᠶᠢ

   ᠡᠭᠦᠷᠴᠤ ᠶᠠᠪᠣᠭᠰᠠᠨ ᠡᠷ᠎ᠡ

ᠮᠤᠩᠭ᠋ᠤᠯ ᠨᠤᠳᠤᠭ ᠤᠨ ᠭᠠᠷᠮᠠᠭᠠᠢ ᠴᠡᠷᠢᠭ᠌

ᠮᠥᠩᠭᠡ ᠣᠷᠤᠨ ᠤ ᠰᠢᠯᠭᠠᠷᠠᠭᠰᠠᠨ ᠪᠠᠭᠠᠳᠤᠷ

ᠮᠤᠬᠤᠰᠢ ᠦᠭᠡᠶ ᠵᠤᠷᠢᠭ ᠨᠢᠭᠡᠨ ᠰᠤᠮᠤ

ᠮᠥᠩᠭᠡᠷᠡᠰᠢ ᠦᠭᠡᠶ ᠪᠠᠶ᠎ᠠ ᠨᠢᠭᠡᠨ ᠰᠦᠯᠳᠡ᠃

     ᠡᠪᠦᠭᠡ ᠶᠢᠨ ᠮᠢᠨᠢ ᠨᠢᠭᠡ ᠨᠠᠰᠤ

     ᠡᠴᠦᠰ ᠤᠨ ᠮᠦᠴᠡ ᠨᠢ ᠳᠤᠷᠭᠤᠨ ᠴᠤ

     ᠡᠭᠦᠷᠴᠤ ᠶᠠᠪᠣᠭᠰᠠᠨ ᠭᠠᠪᠢᠶ᠎ᠠ ᠨᠢ

     ᠡᠭᠦᠷᠢᠳᠡ ᠪᠠᠯᠠᠷᠠᠰᠢ ᠦᠭᠡᠶ ᠮᠥᠩᠭᠡ᠃

      

    

ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠪᠠᠶᠠᠠᠪᠣᠯᠠᠭ ᠶᠡᠷᠦᠩᠭᠡᠢ ᠰᠤᠷᠭᠠᠭᠤᠯᠢ

ᠵᠤᠬᠢᠶᠠᠭᠴᠢ᠄ ᠪ᠊·ᠮᠡᠷᠭᠡᠡᠪᠢᠯᠢᠭ᠌
ᠬᠠᠷᠢᠶ᠎ᠠ᠄ ᠰᠢᠯᠦᠭ
ᠳᠠᠷᠤᠮ᠄ 1745
ᠴᠠᠭ᠄ 2011 ᠤᠨ ᠤ 09 ᠰᠠᠷ᠎ᠠ ᠶᠢᠨ 17