ᠮᠢᠨᠤᠭᠢ ᠡᠭᠡ ᠰᠤᠷᠭᠠᠭᠤᠯᠢ

ᠭᠢᠴᠢᠶᠡᠯᠯᠡᠭᠦ ᠳᠤ ᠪᠠᠨ ᠣᠷᠤᠭᠰᠢ ᠵᠠᠮᠨᠠᠵᠤ᠂ ᠬᠤᠭᠤᠯᠠᠯᠠᠬᠤ ᠬᠤᠨᠤᠭᠯᠠᠬᠤ ᠳᠤ ᠪᠠᠨ ᠬᠣᠢ᠌ᠰᠢ ᠵᠠᠮᠨᠠᠳᠠᠭ ᠪᠠᠢ᠌ᠭᠰᠠᠨ ᠨᠢ ᠮᠢᠨᠤ ᠡᠭᠡ ᠰᠤᠷᠭᠠᠭᠤᠯᠢ᠃ ᠳᠠᠷᠠ ᠭᠢᠷᠢ ᠪᠢ ᠳᠡᠭᠡᠳᠤ ᠨᠢᠭᠡᠳᠦᠭᠡᠷ ᠣᠨ ᠪᠠᠢ᠌ᠯ᠎ᠠ᠃

ᠣᠷᠤᠢ ᠶᠢᠨ ᠳᠠᠪᠳᠠᠯᠭ᠎ᠠ ᠪᠠᠭᠤᠭᠰᠠᠨ ᠤ ᠳᠠᠷᠠᠭ᠎ᠠ ᠬᠤᠨᠤᠭ ᠤᠨ ᠪᠠᠢ᠌ᠷᠢ ᠳᠤ ᠪᠠᠨ ᠪᠣᠴᠠᠬᠤ ᠪᠠᠷ ᠣᠮᠠᠷᠠᠰᠢᠯᠠᠬᠤ ᠳᠤ ᠬᠠᠷᠠᠩᠭ᠋ᠤᠢ ᠳᠤ ᠪᠦᠳᠦᠴᠢᠨ ᠭᠠᠷ ᠭᠠᠷ ᠶᠢᠡᠨ ᠬᠤᠯᠪᠣᠯᠴᠠᠨ ᠭᠦᠶ‍ᠦᠵᠤ ᠪᠠᠢ᠌ᠭᠠᠤᠨ᠂ ᠳᠤᠭᠤᠢ ᠳᠡᠷᠭᠡᠨ ᠤ ᠪᠣᠯᠤ ᠳᠤ ᠭᠦᠯ ᠤᠨ ᠶᠢᠡᠨ ᠦᠯᠮᠠᠢ ᠪᠠᠨ ᠳᠠᠭᠠᠷᠢᠭᠤᠯᠤᠭᠰᠠᠨ ᠣᠳᠠᠭ᠎ᠠ ᠲᠡᠶ᠂ ᠬᠤᠳᠠ ᠠᠢ᠌ᠯ ᠤᠨ ᠭᠡᠷ ᠰᠢᠪᠠᠬᠤ ᠪᠠᠷ ᠪᠡᠯᠡᠳᠭᠡᠭ᠍ᠰᠡᠨ ᠬᠤᠵᠢᠷᠯᠢᠭ ᠬᠠᠳᠠᠭᠤᠬᠠᠨ ᠰᠢᠪᠠᠷ ᠲᠤ ᠪᠦᠭᠡᠮ ᠶᠢᠡᠷ ᠶᠢᠡᠨ ᠦᠷᠳᠤᠨ ᠨᠢᠭᠤᠷ ᠭᠠᠷ ᠢ ᠪᠠᠨ ᠰᠢᠯᠪᠣᠯᠤᠭᠰᠠᠨ ᠳᠡᠦᠭᠡ ᠲᠡᠶ᠃ ᠡᠨᠡ ᠪᠣᠯ ᠮᠢᠨᠤᠭᠢ ᠡᠭᠡ ᠰᠤᠷᠭᠠᠭᠤᠯᠢ᠂ ᠮᠤᠩᠭ᠋ᠤᠯ ᠳᠤᠮᠳᠠᠳᠤ ᠰᠤᠷᠭᠠᠭᠤᠯᠢ ᠡ ︕

ᠬᠤᠶᠠᠳᠤᠭᠠᠷ ᠣᠨ ᠪᠣᠯᠬᠤ ᠳᠤ ᠡᠴᠦᠰ ᠲᠤ ᠪᠠᠨ ᠵᠠᠮᠨᠠᠬᠤ ᠬᠤᠪᠢ ᠵᠠᠶᠠᠭᠠᠨ ᠡᠴᠡ ᠭᠡᠯᠳᠦᠷᠢᠵᠤ ᠰᠢᠨᠡᠭᠡᠨ ᠪᠠᠷᠢᠭᠰᠠᠨ ᠳᠡᠭ᠍ᠰᠢ ᠣᠷᠤᠢ ᠲᠡᠶ ᠪᠠᠢ᠌ᠰᠢᠩ ᠭᠡᠷ ᠲᠤ ᠬᠤᠨᠤᠭᠯᠠᠬᠤ ᠪᠣᠯᠤᠭᠰᠠᠨ᠂ ᠡᠪᠦᠯ ᠪᠣᠯᠬᠤ ᠭᠢᠷᠢ ᠨᠢ ᠠᠳᠠᠷ ᠡᠴᠡ ᠳᠤᠰᠤᠯᠠᠬᠤ ᠣᠰᠤᠨ ᠪᠦᠮᠪᠦᠭᠡᠯᠢᠭ᠌ ᠤᠳ ᠣᠷᠤ ᠳᠡᠪᠢᠰᠭᠡᠷ ᠢ ᠮᠠᠨᠢ ᠱᠠᠯ ᠳᠡᠪᠳᠦᠭᠡᠵᠤ᠂ ᠬᠤᠶᠠᠷ ᠭᠦᠡᠵᠢᠯᠡ ᠨᠥᠮᠦᠷᠦᠭ᠍ᠰᠡᠨ (ᠳᠤᠬᠠᠢ ᠶᠢᠨ ᠦᠶ᠎ᠡ ᠳᠤ ᠭᠡᠷ ᠤᠨ ᠠᠮᠢᠳᠤᠷᠠᠯ ᠵᠥᠭᠡᠷ ᠰᠢᠭ᠌ ᠨᠢ ᠰᠠ‍‌ᠶᠢ ᠡᠢ᠌ᠮᠤ ᠨᠥᠭᠦᠴᠡᠯ ᠲᠡᠶ ᠰᠢᠤ) ᠴᠤ ᠳᠠᠭᠵᠢᠬᠤ ᠪᠣᠯᠬᠤᠷ ᠬᠤᠶᠠᠷ ᠬᠤᠶᠠᠷ ᠶᠢᠡᠷ ᠶᠢᠡᠨ ᠨᠢᠭᠡ ᠡᠪᠦᠷ ᠲᠤ ᠰᠢᠷᠭᠤᠯᠤᠨ ᠪᠠᠶ᠎ᠠ ᠪᠠᠨ ᠳᠤᠯᠠᠭᠠᠴᠠᠭᠤᠯᠳᠠᠭ ᠰᠠᠨ᠃

ᠪᠣᠭᠤᠷᠤᠯᠴᠤᠳ ᠤᠨ ᠮᠢᠨᠢ ᠭᠦᠦᠷᠨᠢᠭᠦ ᠪᠠᠷ ᠮᠠᠨᠠᠢ᠌ᠭᠢᠨ ᠠᠯᠢ ᠭᠡᠵᠢᠶᠡᠨᠡᠢ ᠲᠦᠯᠦᠪᠰᠢᠷᠡᠭ᠍ᠰᠡᠨ ᠳᠦᠭᠦᠭᠡᠷᠦᠮᠵᠢ ᠲᠡᠶ ᠦᠪᠡᠷ ᠤᠨ ᠶᠢᠡᠨ ᠭᠡᠭᠦ ᠰᠤᠷᠭᠠᠭᠤᠯᠢ ᠲᠡᠶ ᠪᠠᠢ᠌ᠭᠰᠠᠨ᠂ ᠭᠡᠳᠡᠯ᠎ᠡ ᠳᠡᠭᠡᠷ᠎ᠡ ᠵᠠᠭᠤᠨ ᠤ ᠨᠠᠶᠠᠭᠠᠤᠨ ᠣᠨ ᠳᠤ ᠮᠤᠩᠭ᠋ᠤᠯ ᠭᠢᠳᠠᠤᠨ ᠰᠤᠷᠭᠠᠭᠤᠯᠢ ᠶᠢ ᠰᠠᠯᠭᠠᠨ᠎ᠠ ᠭᠡᠭᠦ ᠳᠤ ᠨᠢ 《ᠣᠬᠠᠮᠰᠠᠷ ᠲᠡᠶ》 ᠪᠠᠭᠰᠢ ᠨᠡᠷ ᠮᠢᠨᠢ ᠡᠭᠦᠷ ᠶᠢᠡᠨ ᠣᠷᠭᠢᠨ᠂ 《ᠢᠳᠠᠰᠢᠨ ᠨᠤᠭᠤᠭ᠎ᠠ》 ᠶ᠋ᠢᠨ ᠳᠠᠷᠢᠶᠠᠨ ᠭᠠᠵᠠᠷ ᠢ ᠣᠷᠪᠠᠭᠤᠯᠤᠨ ᠰᠢᠨ᠎ᠡ ᠡᠭᠦᠷ ᠪᠠᠷᠢᠭᠰᠠᠨ ᠨᠢ ᠡᠨᠡ ᠭᠡᠨ᠎ᠡ ᠯᠠᠢ᠃

ᠳᠦᠷᠪᠠᠨ ᠵᠢᠯ ᠤᠨ ᠣᠶᠤᠳᠠᠨ ᠠᠮᠢᠳᠤᠷᠠᠯ ᠶᠢᠡᠨ ᠰᠢᠯᠢᠳᠡᠭ᠌ ᠪᠦᠳᠦᠮᠵᠢ ᠪᠠᠷ ᠳᠡᠭᠦᠰᠭᠡᠨ ᠡᠭᠡ ᠰᠤᠷᠭᠠᠭᠤᠯᠢ ᠳᠤ ᠪᠠᠨ ᠠᠵᠢᠯ ᠤᠨ ᠭᠠᠷᠤᠭ᠎ᠠ ᠪᠠᠨ ᠠᠪᠬᠤ ᠪᠣᠯᠬᠤ ᠳᠤ ᠣᠯᠤᠰ ᠤᠨ ᠰᠢᠯᠭᠠᠭᠤᠯᠢ ᠳᠤ ᠣᠷᠤᠨ ᠤ ᠮᠠᠩᠯᠠᠢ ᠣᠳᠤᠨ ᠰᠤᠷᠤᠭᠴᠢ ᠴᠤᠯᠭᠤᠷᠠᠭᠰᠠᠨ ᠪᠣᠯᠬᠤᠷ ᠱᠠᠩᠨᠠᠯ ᠤᠨ ᠰᠠᠢ᠌ᠬᠠᠨ ᠭᠢᠴᠢᠶᠡᠯᠯᠡᠭᠦ ᠠᠰᠠᠷ ᠲᠡᠶ ᠪᠣᠯᠤᠭᠠᠤᠨ ᠪᠠᠢ᠌ᠯ᠎ᠠ ᠰᠢᠤ᠂ ᠡᠭᠡ ᠰᠤᠷᠭᠠᠭᠤᠯᠢ ᠮᠢᠨᠢ᠃

ᠠᠩᠭ᠋ᠠᠭᠰᠠᠨ ᠭᠦᠮᠤᠨ ᠣᠮᠳᠠ ᠭᠦᠰᠡᠭ᠍ᠰᠡᠨ ᠰᠢᠭ᠌ ᠡᠭᠡ ᠭᠡᠯᠡᠨ ᠤ ᠪᠠᠨ ᠵᠢᠭᠠᠨ ᠰᠤᠷᠭᠠᠯᠳᠠ ᠳᠤ ᠱᠠᠩᠳᠠᠭᠤᠷᠠᠨ ᠭᠠᠪᠰᠢᠭᠠᠢ᠌ᠯᠠᠵᠤ᠂ ᠮᠤᠩᠭ᠋ᠤᠯ ᠰᠤᠶᠤᠯ ᠤᠨ ᠶᠢᠡᠨ ᠭᠦᠭ᠍ᠵᠢᠯᠳᠡ ᠶᠢ ᠡᠭᠡ ᠰᠤᠷᠭᠠᠭᠤᠯᠢ ᠶᠢᠨ ᠶᠢᠡᠨ ᠬᠠᠳᠠᠭᠤ᠂ ᠵᠥᠭᠡᠯᠡᠨ ᠳᠤᠨᠤᠭ ᠤᠨ ᠲᠦᠯᠤᠪᠰᠢᠷᠠᠯ ᠡᠴᠡ᠂ ᠨᠢᠳᠤ ᠣᠷᠤᠵᠤ ᠦᠳᠦ ᠰᠤᠳᠤ ᠨᠢ ᠪᠦᠷᠢᠳᠤᠨ ᠨᠢᠰᠦᠭᠡ ᠰᠤᠷᠤᠭᠴᠢᠳ ᠡᠴᠡ ᠪᠠᠨ ᠣᠯᠵᠤ ᠬᠠᠷᠠᠨ ᠪᠠᠶᠠᠰᠤᠨ ᠪᠠᠶᠠᠰᠤᠭᠰᠠᠭᠠᠷ ᠨᠢᠭᠡ ᠮᠡᠳᠡᠭᠦ ᠳᠤ ᠬᠤᠷᠢᠨ ᠵᠢᠯ ᠤᠨ ᠨᠢᠭᠤᠷ ᠢ ᠦᠵᠡᠴᠢᠭᠡᠯ᠎ᠡ᠃ ᠭᠤᠴᠢᠨ ᠨᠠᠰᠤᠨ ᠤ ᠳᠦᠷᠦᠭᠡᠨ ᠳᠡᠭᠡᠷ᠎ᠡ ᠪᠠᠨ ᠭᠢᠯᠠᠷᠠᠭᠤᠯᠵᠤ ᠶᠠᠪᠣᠭ᠎ᠠ ᠡᠭᠡ ᠰᠤᠷᠭᠠᠭᠤᠯᠢ ᠮᠢᠨᠢ ᠴᠤ ᠳᠠᠭᠢᠭᠠᠤᠨ ᠯᠠ ᠪᠠᠰᠠ 《ᠡᠭᠦᠷ》 ᠶ᠋ᠢᠡᠨ ᠣᠷᠭᠢᠨ ᠨᠡᠭᠦᠭᠦ ᠪᠣᠯᠤᠯ᠎ᠠ ᠭᠡᠭᠦ ᠡᠴᠡ ᠡᠯᠢᠭᠡ ᠵᠢᠷᠦᠭᠡ ᠮᠢᠨᠢ ᠡᠮᠳᠡᠷᠡᠭᠡᠳ ᠣᠴᠢᠨ᠎ᠠ᠂ ᠡᠪᠴᠢᠭᠦᠤ ᠴᠡᠭᠡᠵᠢ ᠮᠢᠨᠢ ᠥᠡᠳᠡᠯᠵᠡᠭᠡᠳ ᠶᠠᠪᠣᠨ᠎ᠠ᠃ ᠮᠤᠩᠭ᠋ᠤᠯᠴᠤᠳ ᠤᠨ ᠮᠠᠨᠢ ᠨᠡᠭᠦᠳᠡᠯ ᠮᠠᠯᠵᠢᠯ ᠤᠨ ᠠᠮᠢᠳᠤᠷᠠᠯ ᠤᠨ ᠠᠷᠭ᠎ᠠ ᠭᠡᠯᠪᠠᠷᠢ ᠨᠢ ᠰᠤᠷᠭᠠᠭᠤᠯᠢ ᠡᠷᠭᠢᠯᠡᠭᠦ ᠳᠡᠭᠡᠷ᠎ᠡ ᠴᠤ ᠳᠤᠰᠬᠠᠯ ᠶᠢᠡᠨ ᠣᠯᠵᠤ ᠪᠠᠢ᠌ᠭ᠎ᠠ ᠪᠣᠯ ᠦᠦ ︖ ᠡᠰᠡᠭᠦᠯ᠎ᠡ ᠣᠨ ᠤ ᠭᠦᠷᠳᠤ ᠶᠢ ᠳᠠᠭᠠᠭᠰᠠᠨ ᠣᠠᠴᠠ ᠶᠢᠨ ᠳᠠᠪᠰᠢᠯᠳᠠ ᠪᠣᠯᠤᠭ᠎ᠠ ᠦᠦ ︖ ᠪᠣᠤ ᠮᠠᠳᠠ᠃ ᠰᠤᠳᠤᠨ ᠰᠠᠢ᠌ᠬᠠᠨ ᠭᠠᠵᠠᠷ ᠵᠦᠢ ᠶᠢᠨ ᠪᠠᠢ᠌ᠷᠢᠰᠢᠯ᠂ ᠰᠤᠨᠤᠯᠵᠠᠭᠰᠠᠨ ᠰᠠᠢ᠌ᠬᠠᠨ ᠠᠰᠠᠷ ᠳᠠᠭᠳᠤ᠂ ᠰᠠᠭᠤᠵᠤ ᠳᠠᠳᠤᠭᠰᠠᠨ ᠰᠭᠤᠭᠠᠯᠢ ᠠᠷᠠᠤᠨ ᠤᠨ ᠳᠤᠭᠤᠷᠢᠭ᠂ ᠰᠤᠷᠤᠭᠴᠢ ᠪᠠᠢ᠌ᠬᠤ ᠡᠴᠡ ᠰᠠᠨᠠᠭᠠᠨ ᠳᠤ ᠬᠤᠨᠤᠭᠰᠢᠭᠰᠠᠨ ᠬᠤᠷᠤᠭ᠎ᠠ ᠭᠦᠷᠢᠶᠡᠯᠡᠯ ᠶᠢᠡᠨ ᠪᠣᠳᠤᠬᠤ ᠳᠤ ᠨᠢᠭᠡ ᠯᠠ ᠰᠠᠯ ᠶᠠᠳᠠᠨ᠎ᠠ᠃ ᠪᠠᠰᠠ ᠨᠢᠭᠡ ᠣᠳᠠᠭ᠎ᠠ ᠪᠠᠨ ᠠᠬ᠎ᠠ ᠳᠡᠭᠦᠤ ᠦᠨᠳᠦᠰᠦᠳᠠᠨ ᠳᠤ ᠪᠠᠨ ᠨᠠᠢ᠌ᠷ ᠳᠠᠯᠪᠢᠨ᠎ᠠ ᠳ᠋ᠠ ᠭᠡᠭᠦ ᠡᠴᠡ 《ᠠᠭᠤᠳᠠᠮᠴᠢ》 ᠴᠡᠭᠡᠵᠢ ᠲᠡᠶ ᠳᠡᠭᠡᠳᠦᠰ ᠮᠢᠨᠢ ᠡᠷᠭᠡ ᠦᠭᠡᠶ ᠪᠣᠳᠤᠭᠳᠠᠨ᠎ᠠ᠃ ᠰᠢᠨ᠎ᠡ ᠭᠠᠵᠠᠷ ᠢᠳᠡᠭᠡᠰᠢᠵᠤ ᠠᠮᠢᠳᠤᠷᠠᠯ ᠪᠣᠰᠬᠠᠨ᠎ᠠ ᠳ᠋ᠠ ᠭᠡᠭᠦ ᠡᠴᠡ᠂ ᠣᠢ᠌ᠯᠠᠳᠪᠣᠷᠢ ᠶᠢᠨ 《ᠨᠢᠭᠤᠭᠳᠠᠮᠠᠯ》 ᠪᠣᠵᠠᠷᠳᠤᠯ ᠲᠡᠶ ᠣᠷᠤᠨ ᠳᠤ ᠣᠢ᠌ᠯᠠᠰ ᠴᠤᠭᠴᠠᠯᠠᠨ᠎ᠠ ᠳ᠋ᠠ ᠭᠡᠭᠦ ᠡᠴᠡ ᠦᠷ᠎ᠡ ᠬᠣᠢ᠌ᠴᠢᠰ ᠲᠤ ᠮᠢᠨᠢ ᠪᠣᠤ ᠯᠠ ᠬᠤᠤᠷᠳᠠᠭᠤᠯᠤᠯ ᠪᠣᠯᠤᠭᠠᠰᠠᠢ ︕ ᠭᠡᠵᠤ ᠵᠢᠷᠦᠭᠡᠨ ᠣᠭ ᠡᠴᠡ ᠪᠠᠨ ᠵᠠᠯᠪᠠᠷᠢᠨ᠎ᠠ ᠁


ᠵᠤᠬᠢᠶᠠᠭᠴᠢ ᠶᠢᠨ ᠬᠠ‍‌ᠶᠢᠭ ᠄ ᠵᠠᠷᠤᠳ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰ·ᠰᠠᠷᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 51400
ᠴᠠᠭ᠄ 2013 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ