ᠡᠩ ᠳᠡᠯᠡᠬᠡᠢ ᠶᠢᠨ ᠡᠩᠬᠦᠷᠡᠢ ᠡᠵᠢ
ᠰᠡᠮᠰᠡᠭᠡᠷ ᠪᠣᠯᠪᠠᠴᠦ ᠭᠡᠷ ᠮᠢᠨᠢ᠂ ᠰᠡᠭᠰᠡᠭᠡᠷ ᠪᠣᠯᠪᠠᠴᠦ ᠡᠵᠢ ᠮᠢᠨᠢ


ᠠᠷᠪᠠᠨ ᠰᠠᠷ᠎ᠠ ᠵᠣᠪᠠᠨ
ᠠᠯᠠᠭ ᠦᠷ᠎ᠡ ᠪᠡᠨ ᠬᠥᠩᠭᠡᠵᠢᠨ
ᠠᠯᠳᠠᠨ ᠳᠡᠯᠡᠬᠡᠢ ᠳᠦ ᠪᠠᠶᠠᠷᠯᠠᠨ
ᠠᠩᠬ᠎ᠠ ᠡᠵᠢ ᠪᠣᠯᠣᠭᠰᠠᠨ ᠳ᠋ᠦ ᠪᠡᠨ ᠪᠠᠶᠠᠰᠤᠨ᠃

ᠦᠷ᠎ᠡ ᠬᠡᠦᠬᠡᠳ ᠶᠢᠡᠨ ᠥᠰᠬᠡᠬᠦ ᠭᠡᠵᠦ
ᠦᠰᠦᠨ ᠳ᠋ᠦ ᠨᠢ ᠪᠤᠭᠤᠷᠤᠯ ᠬᠠᠷᠢᠭᠤ ᠪᠠᠭᠤᠬᠤ ᠳ᠋ᠦ
ᠡᠩᠬᠦᠷᠡᠢ ᠬᠦᠦ ᠨᠢ ᠤᠬᠠᠭ᠎ᠠ ᠣᠷᠣᠭ᠎ᠠ ᠦᠭᠡᠢ
ᠡᠵᠢ ᠪᠡᠨ ᠪᠠᠭ᠎ᠠ ᠦᠭᠡᠢ ᠵᠣᠪᠠᠭᠠᠨ᠎ᠠ᠃

ᠠᠷᠪᠠ ᠪᠣᠯᠵᠦ ᠠᠷᠠᠳ ᠤᠨ ᠰᠤᠷᠭᠠᠭᠤᠯᠢ ᠳ᠋ᠦ
ᠠᠯᠭᠤᠷᠬᠠᠨ ᠠᠯᠬᠤᠨ ᠣᠷᠣᠬᠤ ᠳ᠋ᠦ
ᠠᠴᠢᠳᠦ ᠡᠵᠢ ᠠᠯᠢᠶ᠎ᠠ ᠬᠦᠦ ᠲᠠᠢ ᠪᠡᠨ
ᠰᠠᠯᠵᠦ ᠶᠠᠳᠠᠵᠦ ᠲᠦᠪᠳᠡᠨ᠎ᠡ᠃

ᠠᠪᠤ ᠡᠵᠢ ᠲᠠᠢ ᠪᠡᠨ ᠰᠠᠯᠬᠤ ᠦᠶ᠎ᠡ ᠳ᠋ᠦ
ᠶᠢᠷᠲᠢᠨᠴᠦ ᠳᠡᠯᠡᠬᠡᠢ ᠬᠠᠢᠯᠤᠨ ᠬᠠᠢᠯᠤᠭᠰᠠᠭᠠᠷ
ᠢᠰᠡᠭᠡᠢ ᠭᠡᠷ ᠲᠦ ᠪᠡᠨ ᠪᠠᠢᠭᠰᠠᠨ ᠪᠣᠯ
ᠡᠵᠢ ᠳ᠋ᠦ ᠪᠡᠨ ᠡᠩᠬᠦᠷᠡᠢᠯᠡᠭᠳᠡᠬᠦ ᠦᠭᠡᠢ ᠦᠦ ᠳ᠋ᠠ᠃

ᠬᠦᠰᠡᠯ ᠤᠨ ᠵᠢᠭᠦᠷ ᠬᠠᠲᠠᠭᠤᠵᠢᠨ
ᠬᠦᠮᠦᠨ ᠤ ᠬᠦᠦ ᠬᠤᠯᠠ ᠨᠢᠰᠬᠦ ᠳ᠋ᠦ
ᠬᠥᠭᠡᠷᠦᠬᠦᠢ ᠠᠪᠦ ᠡᠵᠢ ᠮᠢᠨᠢ
ᠬᠥᠬᠡ ᠲᠡᠭᠷᠢ ᠶᠢᠨ ᠳᠣᠣᠷ᠎ᠠ ᠪᠠᠷᠠᠯᠠᠭᠰᠠᠭᠠᠷ᠃

ᠰᠢᠪᠠᠭᠤ ᠬᠡᠳᠦᠢ ᠬᠤᠯᠠ ᠨᠢᠰᠦᠯ᠎ᠡ ᠭᠡᠳ
ᠡᠷᠭᠢᠭᠡᠳ ᠨᠤᠲᠤᠭ ᠲᠦ ᠪᠡᠨ ᠪᠤᠴᠠᠳᠠᠭ ᠶᠤᠮ
ᠡᠵᠢ ᠶᠢᠨ ᠬᠦᠦ ᠬᠡᠳᠦᠢ ᠬᠤᠯᠠ ᠶᠠᠪᠤᠯ᠎ᠠ ᠭᠡᠳ
ᠡᠯᠢᠭᠡ ᠪᠦᠲᠦᠨ ᠡᠵᠢ ᠲᠠᠢ ᠪᠡᠨ ᠵᠣᠯᠭᠠᠳᠠᠭ ᠶᠤᠮ᠃

ᠵᠤᠬᠢᠶᠠᠭᠴᠢ᠄ ᠦᠨᠡᠨᠪᠠᠶᠠᠷ
ᠬᠠᠷᠢᠶ᠎ᠠ᠄ ᠰᠢᠯᠦᠭ
ᠳᠠᠷᠤᠮ᠄ 2954
ᠴᠠᠭ᠄ 2020 ᠤᠨ ᠤ 01 ᠰᠠᠷ᠎ᠠ ᠶᠢᠨ 07