ᠴᠢᠮᠠᠳᠠᠭᠠᠨ

ᠥᠭᠡ ᠳᠠᠭᠤᠨ ᠦᠭᠡᠶ ᠰᠠᠯᠤᠨ ᠣᠳᠤᠭᠰᠠᠨ ᠳᠠᠷᠠ ᠮᠦᠴᠡ

ᠦᠶ᠎ᠡ ᠦᠶ᠎ᠡ ᠨᠢᠳᠤ ᠴᠠᠢ᠌ᠷᠳᠠᠨ᠎ᠠ

ᠥᠭᠡᠢ᠌ᠯᠡᠵᠤ ᠰᠠᠨᠠᠬᠤ ᠶᠢᠨ ᠵᠢᠷᠭᠠᠯ ᠵᠤᠪᠠᠯᠠᠩ

ᠦᠨᠡᠨ ᠬᠠᠢ᠌ᠷ᠎ᠠ ᠶᠢᠨ ᠳᠤᠷᠠᠯᠠᠯ ᠴᠤ ᠶᠤᠮ ᠤᠤ

ᠰᠠᠯᠤᠨ ᠣᠳᠤᠭᠰᠠᠨ ᠳᠠᠷᠠ ᠡᠳᠦᠷ ᠡᠴᠠ ᠬᠣᠢ᠌ᠰᠢ

ᠰᠠᠢ᠌ᠬᠠᠨ ᠵᠡᠭᠦᠳᠤ ᠮᠢᠨᠢ ᠳᠠᠰᠤᠷᠠᠬᠤ ᠪᠠᠨ ᠪᠣᠯᠢᠯ᠎ᠠ

ᠦᠷᠭᠦᠯᠵᠢ ᠬᠠᠮᠳᠤ ᠪᠠᠢ᠌ᠭᠰᠠᠨ ᠡᠳᠦᠷ ᠬᠤᠨᠤᠭ ᠤᠳ

ᠦᠷ ᠤᠨ ᠵᠡᠭᠦᠳᠤ ᠪᠠᠷ ᠨᠢᠭᠡ ᠪᠠᠶᠠᠰᠳᠠᠭ ᠰᠠᠨ

ᠡᠩᠭᠦᠷᠡᠢ ᠴᠢᠮ᠎ᠠ ᠪᠠᠨ

ᠡᠷᠭᠢᠨ ᠳᠤᠷᠠᠰᠴᠤ ᠰᠠᠭᠤᠬᠤ ᠳ᠋ᠤ

ᠡᠮᠨᠢᠭ᠌ ᠰᠡᠳᠭᠢᠯ ᠮᠢᠨᠢ ᠣᠶᠠᠷᠠᠨ

ᠡᠨᠡ ᠪᠠᠶ᠎ᠠ ᠮᠢᠨᠢ ᠴᠢᠮ᠎ᠠ ᠳᠠᠭᠠᠨ ᠠᠭᠤᠰᠤᠨ᠎ᠠ

ᠳᠠᠭᠢᠨ ᠠᠭᠤᠯᠵᠠᠬᠤ ᠡᠳᠦᠷ ᠶᠢᠡᠨ ᠬᠤᠷᠤᠭᠤ ᠳᠠᠷᠤᠨ

ᠳᠠᠭᠢᠨᠢ ᠴᠢᠮᠠᠳᠠᠭᠠᠨ ᠣᠴᠢᠨ᠎ᠠ ᠳ᠋ᠠ

ᠭᠦᠯᠢᠶᠡᠵᠤ ᠪᠠᠢ᠌ᠭᠠᠷᠠᠢ ᠬᠠᠢ᠌ᠷᠠᠳᠤ ᠮᠢᠨᠢ

ᠭᠦᠷᠦᠭᠡᠳ ᠣᠴᠢᠨ᠎ᠠ ᠰᠢᠤ ᠴᠢᠮᠠᠳᠠᠭᠠᠨ


ᠵᠤᠬᠢᠶᠠᠭᠴᠢ ᠶᠢᠨ ᠬᠠ‍‌ᠶᠢᠭ ᠄ ᠰᠢᠯᠢᠩᠬᠤᠳᠠ

ᠵᠤᠬᠢᠶᠠᠭᠴᠢ᠄ ᠬᠤᠷᠴᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2582
ᠴᠠᠭ᠄ 2011 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ