ᠵᠢᠷᠦᠭᠡᠨ ᠤ ᠴᠠᠢ᠌ᠯᠭᠠᠨ ᠳᠤᠭᠠᠴᠢᠯ

ᠬᠤᠳᠠ ᠳᠤ ᠣᠷᠤᠭᠰᠠᠨ ᠡᠳᠦᠷ ᠤᠳ ᠮᠢᠨᠢ

ᠬᠤᠶᠠᠷ ᠰᠠᠷ᠎ᠠ ᠶᠢᠨ ᠠᠶᠠᠨ ᠠᠯᠤᠰᠯᠠᠯ᠎ᠠ᠂

ᠬᠤᠭᠤᠴᠠᠬᠤ ᠵᠦᠢ᠌ ᠪᠠᠷ ᠬᠤᠶᠠᠷ ᠵᠢᠷᠦᠭᠡ

ᠬᠤᠯᠠ ᠦᠭᠡᠶ ᠵᠠᠢ᠌ᠳᠠᠢ ᠯᠤᠭᠰᠢᠭᠰᠠᠭᠠᠷ ᠢᠷᠠᠯ᠎ᠠ᠃


ᠨᠠᠢ᠌ᠷ ᠲᠠᠭᠠᠨ ᠴᠢ ᠮᠢᠨᠢ ᠨᠢᠭᠤᠷᠴᠢᠯᠠᠳᠠᠭ ᠦᠭᠡᠶ ᠶᠢ

ᠨᠠᠪᠳᠠ ᠣᠢ᠌ᠯᠭᠠᠵᠤ ᠰᠢᠪᠳᠤ ᠮᠡᠳᠡᠭ᠍ᠰᠡᠨ ᠴᠤ

ᠨᠠᠳᠠ ᠪᠠᠨ ᠭᠡᠭᠦ ᠪᠣᠳᠤᠯ ᠢ ᠴᠢᠨᠢ

ᠨᠠᠯᠠᠵᠤ ᠬᠤᠪᠢᠳᠠᠬᠤ ᠶᠢ ᠰᠠᠨᠠᠵᠤ ᠶᠠᠪᠣᠬᠤ

ᠮᠦᠤᠠᠳᠤ ᠢᠷᠡᠭᠦ ᠪᠠᠢ᠌ᠯᠭᠦᠢ ᠭᠡᠴᠢᠭ᠍ᠰᠡᠨ

ᠪᠠᠭᠤᠳᠠᠯ ᠤᠨ ᠶᠢᠡᠨ ᠨᠤᠮᠸᠷ ᠢ ᠬᠠᠷᠠᠨ ᠬᠠᠷᠠᠨ

ᠪᠠᠭᠤᠤ ᠴᠠᠭ ᠶᠢᠡᠨ ᠰᠢᠷᠳᠠᠵᠤ ᠰᠠᠭᠤᠯ᠎ᠠ

ᠪᠠᠰᠠ ᠳᠡᠭᠡᠭᠡᠳ ᠵᠡᠭᠡᠯᠢ ᠶᠢᠨ ᠵᠠᠮ ᠶᠢᠡᠷ

ᠪᠠᠷ᠎ᠠ ᠶᠢ ᠴᠢᠨᠢ ᠭᠦᠯᠢᠶᠡᠵᠤ ᠮᠠᠯᠠᠷᠠᠵᠤ ᠣᠳᠠᠯ᠎ᠠ᠃


ᠰᠡᠳᠭᠢᠯ ᠰᠡᠳᠭᠢᠯ ᠶᠢᠡᠷ ᠶᠢᠡᠨ ᠳᠠᠨᠢᠯᠴᠠᠭᠰᠠᠨ

ᠰᠥᠰᠦᠭ᠌ ᠪᠠᠳᠤ ᠮᠠᠨ ᠤ ᠶᠠᠪᠣᠯᠴᠠᠭ᠎ᠠ

ᠦᠨᠡᠠᠴᠢ ᠭᠡᠳᠡᠭ᠌ ᠭᠠᠭᠴᠠᠬᠠᠨ ᠬᠠ‍‌ᠶᠢᠭ ᠲᠡᠶ

ᠦᠨᠢᠳᠠ ᠬᠤᠪᠢᠷᠠᠳᠠᠭ ᠦᠭᠡᠶ ᠪᠠᠳᠤᠬᠠᠨ ᠳᠤᠩᠬᠠᠭ ᠲᠡᠶ᠃


ᠬᠠᠷᠢ ᠶᠢᠨ ᠬᠠᠳᠬᠤᠯᠭ᠎ᠠ ᠬᠠᠭᠠᠰᠬᠠᠨ ᠣᠰᠤᠯ ᠡᠴᠡ

ᠬᠠᠶᠠ ᠳᠠᠭᠠᠨ ᠪᠣᠯᠠᠩᠭᠢᠷᠳᠤᠵᠤ ᠮᠡᠳᠡᠭᠦ

ᠬᠠᠨᠢ ᠶᠢᠨ ᠴᠠᠢ᠌ᠯᠭᠠᠨ ᠰᠡᠳᠭᠢᠯ ᠭᠡᠵᠤ

ᠬᠠᠮᠳᠤ ᠶᠢᠨ ᠭᠦᠰᠡᠯ ᠭᠦᠭᠡᠭᠡᠴᠡᠯᠳᠦᠯ

ᠬᠠᠳᠠᠨ ᠪᠠᠳᠤ ᠢᠳᠡᠭᠡᠯ ᠨᠠᠢ᠌ᠳᠠᠯ ᠶᠢᠡᠷ

ᠬᠠᠳᠠᠭᠤᠵᠢᠵᠤ ᠪᠠᠭᠢᠵᠢᠭᠦ ᠣᠴᠢᠷᠳᠠᠢ ᠡᠴᠡ

ᠬᠠᠯᠳᠤ ᠡᠭᠦᠰᠭᠦ ᠰᠡᠵᠢᠭ᠌ ᠳᠠᠭᠠᠪᠣᠷᠢ

ᠬᠠᠷ᠎ᠠ ᠰᠠᠨᠠᠬᠤ ᠬᠠᠷᠠᠰᠠᠯ ᠭᠤᠮᠤᠳᠠᠯ

ᠬᠠᠢ᠌ᠷ᠎ᠠ ᠶᠢᠨ ᠥᠶᠡᠷᠭᠡᠭ᠌ ᠢᠪᠢᠯᠭᠡᠨ ᠳᠤ

ᠬᠠᠨᠢᠯᠠᠵᠤ ᠣᠶᠠᠰᠬᠤ ᠶᠤᠰᠤᠳᠠᠢ ᠪᠢᠯᠠ ︕


ᠦᠨᠡᠨ ᠳ᠋ᠭᠡᠨ ᠪᠢ ᠶᠠᠪᠠᠭᠠᠨ ᠶᠠᠪᠣᠯ᠎ᠠ ᠴᠤ

ᠦᠷᠭᠦᠭᠡᠨ ᠤ ᠴᠢᠨᠢ ᠡᠭᠦᠳᠡ ᠶᠢ ᠳᠤᠭᠰᠢᠪᠠᠯ ᠳᠠᠭᠠᠷᠠᠨ᠎ᠠ

ᠦᠪᠡᠷ ᠤᠨ ᠭᠡᠭ᠍ᠳᠡᠭᠦ ᠨᠠᠢ᠌ᠵᠠ ᠶᠢᠨ ᠶᠢᠡᠨ ᠡᠮᠦᠨ᠎ᠡ

ᠦᠷᠤᠴᠠᠨ ᠤ ᠪᠠᠨ ᠪᠣᠳᠤᠯ ᠢ ᠠᠭᠤᠳᠠᠯᠠᠪᠠᠯ ᠳᠠᠭᠠᠷᠠᠨ᠎ᠠ᠂

ᠥᠯᠢᠭᠡᠷ ᠤᠨ ᠵᠤᠬᠢᠶᠠᠯ᠂ ᠢᠷᠠᠭᠤ ᠨᠠᠢ᠌ᠷᠠᠭ ᠭᠡᠵᠤ

ᠦᠵᠡᠯᠳᠠ ᠳᠡᠯᠭᠡᠨ ᠭᠦᠦᠷᠨᠢᠯᠳᠦᠪᠠᠯ ᠵᠤᠭᠢᠨ᠎ᠠ᠃

ᠣᠮᠤᠭᠯᠠᠩ ᠵᠠᠯᠠᠭᠤ ᠶᠢᠨ ᠭᠡᠨᠡᠨ ᠬᠠᠩᠭ᠋ᠠᠯ ᠪᠣᠳᠤᠯ

ᠣᠷᠭᠠᠯᠠᠵᠤ ᠨᠠᠮ᠎ᠠ ᠶᠢ ᠪᠠᠭᠤᠳᠠᠯ ᠡᠴᠡ ᠪᠣᠴᠠᠭᠤᠯᠤᠯ᠎ᠠ

ᠣᠳᠠᠵᠤ ᠣᠳᠠᠭᠰᠠᠨ ᠠᠶᠤᠤᠯᠢᠬᠠᠢ ᠴᠡᠭᠡᠵᠢᠨ ᠤ ᠳᠤᠭᠠᠴᠠᠯ

ᠣᠳᠠᠭᠠᠨ ᠬᠤᠨᠤᠭ ᠤᠨ ᠳᠠᠷᠤᠭᠳᠠᠯ ᠳᠠᠭᠠᠨ ᠮᠦᠨ ᠳᠠᠷᠤᠭᠳᠠᠯ᠎ᠠ᠃


ᠨᠥᠭᠦᠷᠯᠡᠯ ᠳᠡᠭᠡᠨ ᠶᠠᠷ᠎ᠠ ᠪᠣᠭᠤᠳᠠᠭ ᠦᠭᠡᠶ

ᠨᠥᠭᠦᠤᠨ ᠤᠨ ᠬᠠᠢ᠌ᠷ᠎ᠠ ᠪᠠᠨ ᠪᠢ ᠨᠠᠠᠳᠢᠩᠨᠠᠨ᠎ᠠ

ᠨᠥᠯᠦᠭᠡᠯᠡᠵᠤ ᠨᠠᠮ᠎ᠠ ᠶᠢ ᠣᠢ᠌ᠯᠠᠰ ᠲᠤ ᠪᠦᠳᠤᠨ ᠠᠯᠬᠤᠭᠤᠯᠤᠭᠰᠠᠨ

ᠨᠥᠭᠦᠤᠨ ᠲᠡᠭᠡᠨ ᠪᠢ ᠭᠡᠵᠢᠶᠡᠳᠡ ᠰᠢᠯᠤᠭᠤᠬᠠᠨ ᠬᠠᠠᠳᠤᠨ᠎ᠠ ︕


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1642
ᠴᠠᠭ᠄ 2011 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ