ᠰᠥ᠋
᠊᠊᠊᠊᠊᠊᠊᠊᠊᠊᠊᠊᠊᠊᠊ ᠰᠦ᠋ ᠪᠠᠷ ᠪᠠᠶ᠎ᠠ ᠪᠠᠨ ᠣᠭᠢᠶᠠᠵᠤ ᠪᠠᠢ᠌ᠭ᠎ᠠ ᠵᠠᠷᠢᠮ ᠭᠦᠮᠦᠰ ᠳᠤ

ᠮᠥᠩᠭᠡ ᠳᠡᠭ᠍ᠷᠢ ᠡᠴᠡ ᠰᠤᠶᠤᠷᠬᠠᠵᠤ ᠪᠠᠭᠤᠭᠰᠠᠨ

ᠷᠠᠰᠢᠶᠠᠨ ᠪᠣᠯ ᠰᠥ᠋

ᠮᠤᠩᠭ᠋ᠤᠯ ᠭᠦᠮᠤᠨ ᠤ ᠰᠤᠳᠤᠯᠵᠤ ᠪᠦᠳᠦᠭᠡᠭ᠍ᠰᠡᠨ

ᠣᠮᠳᠠᠭᠠᠨ ᠪᠣᠯ ᠰᠥ᠋

ᠮᠢᠨᠤ ᠳᠡᠭᠡᠳᠦᠰ ᠡᠴᠡ ᠦᠪᠯᠠᠵᠤ ᠢᠷᠡᠭ᠍ᠰᠡᠨ

ᠰᠤᠶᠤᠯ ᠪᠣᠯ ᠰᠥ᠋

ᠮᠠᠭᠤ ᠰᠠᠨᠠᠭᠠᠳᠠᠨ ᠡᠳ᠋ᠯᠡᠵᠤ ᠪᠣᠯᠬᠤ ᠥᠭᠡᠢ

ᠰᠤᠷᠭᠠᠯ ᠪᠣᠯ ᠰᠥ᠋

ᠠᠷᠢᠭᠤᠨ ᠴᠠᠭᠠᠨ ᠰᠦᠨ ᠡᠴᠡ

ᠠᠮᠢᠨ ᠳᠡᠵᠢᠭᠡᠯ ᠣᠠᠳᠤᠷᠳᠠᠭ

ᠠᠷᠢᠭᠤᠨ ᠴᠠᠭᠠᠨ ᠰᠦᠨ ᠡᠴᠡ

ᠠᠴᠢᠯᠠᠯ ᠵᠢᠷᠤᠮ ᠡᠭᠦᠰᠳᠡᠭ᠌

ᠠᠷᠢᠭᠤᠨ ᠴᠠᠭᠠᠨ ᠰᠦᠨ ᠡᠴᠡ

ᠠᠮᠢᠳᠤᠷᠠᠯ ᠬᠠᠢ᠌ᠷ᠎ᠠ ᠣᠷᠭᠤᠳᠠᠭ

ᠠᠷᠢᠭᠤᠨ ᠴᠠᠭᠠᠨ ᠰᠦᠨ ᠡᠴᠡ

ᠠᠰᠢᠳᠠ ᠶᠢᠨ ᠵᠢᠷᠭᠠᠯ ᠡᠭᠢᠯᠡᠳᠡᠭ᠌

ᠰᠦ᠋ ᠶᠢᠨ ᠠᠷᠢᠭᠤᠨ ᠴᠢᠨᠠᠷ ᠢ

ᠮᠤᠩᠭ᠋ᠤᠯ ᠭᠦᠮᠤᠨ ᠯᠠ ᠣᠢ᠌ᠯᠠᠭᠠᠨ᠎ᠠ

ᠰᠥᠰᠦᠭ᠌ ᠪᠢᠰᠢᠷᠠᠯ ᠤᠨ ᠭᠦᠨ ᠡᠴᠡ

ᠰᠠᠴᠤᠯᠢ ᠪᠣᠯᠭᠠᠨ ᠡᠷᠭᠦᠨ᠎ᠡ

ᠰᠦ᠋ ᠶᠢᠨ ᠵᠢᠩᠭᠢᠨᠢ ᠰᠢᠳᠢ ᠵᠢ

ᠮᠠᠯᠴᠢᠨ ᠭᠦᠮᠤᠨ ᠯᠠ ᠮᠠᠳᠠᠷᠠᠨ᠎ᠠ

ᠰᠥᠷᠦᠭ᠌ ᠤᠨ ᠴᠠᠭᠠᠨ ᠪᠣᠶᠠᠨ ᠭᠡᠵᠤ

ᠰᠠᠤᠠᠭᠢᠯ ᠳᠤᠳᠤᠷ᠎ᠠ ᠪᠠᠨ ᠳᠠᠭᠠᠤᠠᠬᠠᠨ᠎ᠠ

ᠬᠤᠳᠠᠯᠠ ᠪᠣᠶᠠᠠᠳᠤ ᠨᠠᠰᠤᠳᠠᠨ ᠵᠢᠠᠨ

ᠰᠦ᠋ ᠪᠠᠨ ᠭᠡᠮᠨᠡᠵᠤ ᠭᠦᠡᠳᠦᠯᠡᠳᠡᠭ᠌

ᠬᠤᠯᠠ ᠳᠤ ᠮᠤᠷᠳᠠᠬᠤ ᠭᠡᠦᠭᠡᠤᠨ ᠵᠢᠠᠨ

ᠰᠦ᠋ ᠪᠠᠨ ᠡᠷᠭᠦᠵᠤ ᠭᠦᠷᠭᠡᠳᠡᠭ᠌

ᠭᠦᠯᠢᠶᠡᠵᠤ ᠣᠳᠠᠭᠰᠠᠨ ᠨᠠᠢ᠌ᠵᠠ ᠪᠠᠨ

ᠰᠦ᠋ ᠪᠠᠷ ᠮᠢᠯᠢᠶᠠᠵᠤ ᠣᠭᠳᠤᠳᠠᠭ

ᠭᠦ ᠦᠭᠡᠶ ᠰᠠᠨᠠᠭᠠᠨ ᠤ ᠥᠵᠦᠭᠦᠷ ᠳᠤᠨᠢ

ᠰᠥ᠋ ᠴᠠᠯᠭᠢᠯᠤᠵᠤ ᠭᠦᠭᠡᠰᠦᠷᠡᠳᠡᠭ᠌

ᠲ᠋ᠠᠯ᠎ᠠ ᠶᠢᠨ ᠮᠤᠩᠭ᠋ᠤᠯ ᠠᠢ᠌ᠯ ᠡᠴᠡ

ᠠᠵᠠ ᠶᠢᠨ ᠭᠡᠭᠡ ᠰᠤᠪᠣᠷᠠᠨ᠎ᠠ

ᠲ᠋ᠠᠷᠠᠭ᠂ ᠠᠢ᠌ᠷᠠᠭ᠂ ᠴᠡᠭᠡ ᠵᠢᠨ

ᠠᠮᠳᠠᠳᠤ ᠦᠨᠦᠷ ᠰᠠᠩᠬᠤᠯᠤᠨ᠎ᠠ

ᠲ᠋ᠠᠪᠤᠨ ᠳᠢᠪ ᠤᠨ ᠡᠷᠳᠡᠮᠳᠡᠳ

ᠰᠦ᠋ ᠶᠢᠨ ᠰᠢᠮ᠎ᠠ ᠶᠢ ᠰᠤᠳᠤᠯᠤᠨ᠎ᠠ

ᠲ᠋ᠡᠵᠢᠭᠡᠯ ᠰᠠᠢ᠌ᠳᠠᠢ ᠣᠮᠳᠠᠭᠠᠨ ᠭᠡᠵᠤ

ᠳᠠᠶᠠᠭᠠᠷ ᠣᠯᠠᠨ ᠱᠠᠭᠰᠢᠯᠳᠤᠨ᠎ᠠ


ᠭᠡᠳᠡᠯ᠎ᠡ ᠣᠳᠤ ᠵᠠᠷᠢᠮ ᠭᠠᠵᠠᠷ ᠳᠤ

ᠭᠡᠨᠡᠨ ᠶᠠᠪᠣᠳᠠᠯ ᠣᠯᠠᠰᠢᠷᠠᠵᠤ ᠪᠠᠢ᠌ᠨ᠎ᠠ

ᠭᠡᠳᠡᠭᠡᠷ ᠪᠠᠶᠡᠳ᠂ ᠭᠡᠷᠭᠡᠮ ᠵᠢᠩᠰᠠᠳᠠᠨ

ᠭᠢᠷᠢ ᠪᠠᠨ ᠮᠡᠳᠡᠭᠦ ᠦᠭᠡᠶ ᠣᠭᠰᠣᠢ᠌ᠵᠤ ᠪᠠᠢ᠌ᠨ᠎ᠠ

ᠰᠠᠭᠰᠠᠭᠤ ᠪᠠᠷᠳᠠᠮ ᠭᠦᠮᠦᠰ ᠤᠨ ᠭᠡᠳᠡᠰᠤᠨ ᠳ᠋ᠤ

ᠰᠢᠷ᠎ᠠ ᠳᠤᠰᠤ ᠵᠤᠭᠢᠬᠤ ᠦᠭᠡᠶ ᠪᠠᠢ᠌ᠨ᠎ᠠ

ᠴᠠᠭᠠᠨ ᠰᠦ᠋ ᠪᠠᠷ ᠪᠠᠶ᠎ᠠ ᠪᠠᠨ ᠣᠭᠢᠶᠠᠵᠤ

ᠴᠠᠭ ᠦᠶ᠎ᠡ ᠶᠢ ᠊ᠭ᠍‍ᠬᠢᠷᠳᠦᠭᠡᠵᠤ ᠪᠠᠢ᠌ᠨ᠎ᠠ

ᠮᠥᠭᠦᠭ᠍ᠰᠡᠨ ᠲᠦᠷᠦ ᠶᠢᠨ ᠳᠡᠢ᠌ᠭᠡᠤ ᠼᠢ ᠰᠢ

ᠪᠣᠷᠬᠠᠨ ᠤ ᠳᠤᠳᠤᠷᠠᠭᠢ ᠰᠢᠮᠨᠤ ᠮᠦᠨ

ᠮᠤᠩᠭ᠋ᠤᠯ ᠨᠤᠳᠤᠭ ᠤᠨ ᠦᠬᠢᠳ ᠪᠠᠷᠢᠶᠠᠤᠨ

ᠪᠣᠤ ᠯᠠ ᠳᠡᠭᠦᠨ ᠢ ᠳᠠᠭᠤᠷᠢᠶᠠ ᠳ᠋ᠠ᠂

ᠮᠥᠩᠭᠡ ᠣᠠᠳᠤᠷᠬᠤ ᠴᠠᠭᠠᠨ ᠰᠦ᠋

ᠪᠣᠭᠳᠠ ᠴᠢᠩᠭᠢᠰ ᠤᠨ ᠭᠡᠰᠢᠭ᠌ ᠮᠦᠨ

ᠮᠤᠩᠬᠠᠭ ᠪᠢᠳᠠᠭᠤ ᠭᠤᠶᠤ ᠭᠦᠮᠦᠰ

ᠪᠣᠳᠤᠯ ᠳᠠᠭᠠᠨ ᠵᠢᠭᠠᠬᠠᠨ ᠳᠤᠩᠭ᠋᠎ᠠ ᠳ᠋ᠠ᠂

ᠪᠣᠶᠠᠨ ᠨᠢ ᠱᠠᠯᠢᠭᠰᠠᠨ ᠰᠠᠷᠳ᠋ᠸᠠᠴᠤᠳ

ᠪᠠᠷᠳᠠᠮᠨᠠᠵᠤ ᠪᠣᠤᠭᠢᠨ ᠠᠭᠠᠰᠢᠯᠠᠭᠠᠷᠠᠢ︕

ᠪᠣᠷᠳᠠᠭ ᠴᠤᠭᠴᠠᠰ ᠶᠢᠡᠨ ᠭᠤᠶᠤᠯᠠᠨ᠎ᠠ ᠭᠡᠵᠤ

ᠰᠦ᠋ ᠪᠠᠷ ᠪᠢᠳᠡᠭᠡᠢ ᠨᠠᠭᠠᠳᠤᠭᠠᠷᠠᠢ︕

ᠪᠣᠳᠤᠯ ᠤᠨ ᠊ᠭ᠍‍ᠬᠢᠷ ᠶᠢᠡᠨ ᠠᠷᠢᠭᠤᠤᠠᠬᠠᠬᠤ ᠭᠡᠪᠠᠯ

ᠰᠦᠨ ᠡᠴᠡ ᠵᠠᠯᠪᠠᠷᠢᠵᠤ ᠠᠮᠰᠠᠭᠠᠴᠢ︕

ᠪᠠᠶ᠎ᠠ ᠶᠢᠨ ᠊ᠭ᠍‍ᠬᠢᠷ ᠶᠢᠡᠨ ᠠᠷᠢᠯᠭᠠᠬᠤ ᠭᠡᠵᠤ

ᠰᠦ᠋ ᠶᠢ ᠪᠢᠳᠡᠭᠡᠢ ᠪᠣᠵᠠᠷᠯᠠᠭᠠᠴᠢ ᠡ︕

ᠵᠤᠬᠢᠶᠠᠭᠴᠢ᠄ ᠴ·ᠪᠠᠶᠠᠰᠤᠯ
ᠬᠠᠷᠢᠶ᠎ᠠ᠄ ᠰᠢᠯᠦᠭ
ᠳᠠᠷᠤᠮ᠄ 2965
ᠴᠠᠭ᠄ 2005 ᠤᠨ ᠤ 08 ᠰᠠᠷ᠎ᠠ ᠶᠢᠨ 04