ᠠᠷᠢᠭᠢᠨ ᠮᠤᠬᠤᠯᠠᠭ ᠡᠷᠳᠡᠮ ᠵᠢᠭᠠᠳᠠᠭ ᠥᠭᠡᠢ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠰ·ᠪᠠᠶᠠᠠᠴᠠᠭᠠᠨ ᠤ 《ᠠᠷᠢᠭᠢᠨ ᠮᠤᠬᠤᠯᠠᠭ ᠡ᠊ᠨᠳᠡ ᠡᠴᠠ ᠤᠢ᠌ᠷᠠᠬᠠᠨ》 ᠭᠡᠭᠦ ᠰᠢᠯᠦᠭ᠌ ᠲᠤ ᠨᠡᠢ᠌ᠯᠡᠭᠦᠯᠪᠡ

ᠳᠦᠷᠪᠠᠨ ᠵᠢᠯ ᠤᠨ ᠣᠶᠤᠳᠠᠨ ᠠᠮᠢᠳᠤᠷᠠᠯ

ᠳ᠋ᠦ᠋ᠩᠨᠠᠵᠤ ᠭᠡᠯᠡᠪᠠᠯ ᠵᠢᠷᠠᠨ ᠬᠤᠪᠢ

ᠳᠦᠭᠦᠷᠡᠩ ᠬᠤᠠᠳᠠᠭ᠎ᠠ ᠲᠡᠶ ᠭᠠᠰᠢᠭᠤᠨ ᠣᠮᠳᠠ

ᠳᠦᠷᠢ ᠶᠢ ᠨᠢ ᠭᠡᠯᠡᠪᠠᠯ ᠵᠢᠷᠠᠨ ᠊ᠭ᠍ᠷᠡᠳᠦ᠋ᠰ


ᠤᠢ᠌ᠳᠬᠠᠷ ᠠᠴᠢᠭᠰᠠᠨ ᠵᠠᠯᠠᠭᠤ ᠨᠠᠰᠤ

ᠠᠷᠢᠭᠢᠨ ᠮᠤᠬᠤᠯᠠᠭ ᠲᠤ ᠭᠢᠮᠳᠠᠷᠠᠨ᠎ᠠ

ᠠᠷᠢᠭᠢᠨ ᠰᠢᠷᠡᠭᠡᠨ ᠳᠤ ᠰᠠᠨᠠᠵᠤ ᠣᠯᠳᠠᠭ

ᠠᠷᠠᠤᠨ ᠤᠨ ᠳᠠᠭᠤᠤ ᠭᠡᠯᠡᠭᠡᠢ᠌ᠷᠡᠨ᠎ᠡ


ᠲ᠋ᠤᠧᠨ ᠰᠤᠬᠤᠷ ᠤᠨ ᠨᠢᠳᠤ ᠪᠠᠷ ᠬᠠᠷᠠᠬᠤ ᠳᠤ

ᠳᠤᠳᠤ ᠢᠷᠠᠭᠤ ᠮᠤᠩᠭ᠋ᠤᠯ ᠭᠡᠯᠡᠨ ᠤ ᠮᠢᠨᠢ

ᠠᠴᠤᠭ ᠰᠢᠯᠪᠢ ᠡᠪᠠᠷ ᠭᠡᠵᠢᠭᠡ ᠨᠢ ᠳᠤᠳᠠᠭᠤ

《ᠠᠷᠭ᠎ᠠ ᠪᠠᠨ ᠪᠠᠷᠠᠭᠰᠠᠨ

ᠰᠢᠷᠬ᠎ᠠ ᠲᠡᠶ ᠵᠡᠮᠳᠡᠭ᠌ ᠮᠤᠩᠭ᠋ᠤᠯ ᠨᠠᠷ᠎ᠠ ᠲᠡᠶ

ᠮᠤᠬᠤᠯᠠᠭ ᠤᠳ ᠲᠤ》

ᠮᠤᠩᠭ᠋ᠤᠯ ᠣᠶᠤᠳᠠᠨ ᠤᠢ᠌ᠳᠬᠠᠷ ᠶᠢᠡᠨ

ᠰᠢᠮᠠᠵᠤ ᠰᠠᠭᠤᠨ᠎ᠠ


ᠲ᠋ᠤᠭ᠎ᠠ ᠲᠡᠶ ᠨᠠᠰᠤ ᠪᠠᠨ

ᠳᠤᠭᠤᠬᠤ ᠴᠤ ᠦᠭᠡᠶ ᠣᠤᠭᠤᠵᠤ ᠰᠠᠭᠤᠨ᠎ᠠ

ᠳᠤᠮᠤ ᠥᠭᠡ ᠭᠡᠯᠡᠵᠤ

ᠳᠤᠯᠤᠭᠠᠢ ᠪᠠᠨ ᠳᠠᠭᠠᠬᠤ ᠦᠭᠡᠶ ᠣᠤᠭᠤᠵᠤ ᠰᠠᠭᠤᠨ᠎ᠠ


ᠠᠪᠣ ᠡᠵᠢ ᠶᠢᠨ ᠶᠢᠡᠨ ᠭᠦᠯᠦᠰᠤ ᠴᠢᠰᠤ ᠶᠢ

ᠠᠳᠬᠤ ᠠᠳᠬᠤ ᠪᠠᠷ ᠰᠠᠴᠤᠵᠤ ᠰᠠᠭᠤᠨ᠎ᠠ

ᠤᠢ᠌ᠳᠬᠠᠷ ᠶᠢᠡᠨ ᠮᠠᠷᠳᠠᠬᠤ ᠶᠢᠨ ᠲᠦᠯᠦᠭᠡ ᠣᠤᠭᠤᠨ᠎ᠠ

ᠣᠶᠤᠨ ᠣᠬᠠᠭᠠᠨ ᠶᠢᠡᠨ ᠮᠢᠡᠴᠦᠷᠡᠭᠦᠯᠵᠤ ᠰᠠᠭᠤᠨ᠎ᠠ


ᠵᠤᠭᠤᠰ ᠶᠢᠡᠨ ᠪᠠᠷᠠᠪᠠᠯ ᠭᠡᠷ ᠶᠢᠡᠨ ᠨᠢᠭᠡ ᠰᠠᠨᠠᠨ᠎ᠠ

ᠵᠤᠪᠠᠯᠠᠩ ᠳᠤᠯᠭᠠᠷᠠᠪᠠᠯ ᠡᠵᠢ ᠶᠢ ᠪᠠᠨ ᠨᠢᠭᠡ ᠳᠤᠷᠠᠰᠤᠨ᠎ᠠ

ᠦᠷᠯᠦᠭᠡ ᠪᠣᠰᠪᠠᠯ ᠰᠢᠷ᠎ᠠ ᠳᠠᠢ᠌ᠯᠵᠤ ᠰᠠᠭᠤᠨ᠎ᠠ

ᠦᠳᠡᠰᠢ ᠪᠣᠯᠪᠠᠯ ᠰᠠᠨᠠᠭ᠎ᠠ ᠳᠠᠢ᠌ᠯᠵᠤ ᠰᠠᠭᠤᠨ᠎ᠠ


ᠰᠢᠯᠭᠠᠯᠳᠠ ᠪᠣᠯᠪᠠᠯ ᠠᠷᠭᠠᠴᠠᠵᠤ ᠡᠪᠯᠡᠭᠦᠯᠵᠤ ᠳᠠᠭᠤᠰᠬᠠᠨ᠎ᠠ

ᠰᠢᠯᠳᠠᠭ ᠣᠯᠪᠠᠯ ᠠᠷᠤ ᠦᠪᠣᠷ ᠶᠢᠡᠷ ᠨᠢ ᠭᠦᠶᠤᠨ᠎ᠡ

ᠵᠠᠯᠠᠭᠤ ᠨᠠᠰᠤ ᠪᠠᠨ ᠦᠯᠤ ᠬᠠᠢ᠌ᠷᠠᠯᠠᠨ᠎ᠠ

ᠵᠠᠪᠳᠤᠵᠤ ᠰᠤᠷᠬᠤ ᠶᠢ ᠦᠯᠤ ᠭᠦᠰᠡᠨ᠎ᠡ


ᠣᠶᠤᠳᠠᠨ ᠶᠢᠡᠨ ᠳᠡᠭᠦᠰᠪᠠᠯ ᠶᠠᠭᠤ ᠭᠢᠭᠦ ᠳᠤᠬᠠᠢ ᠪᠣᠳᠤᠵᠠᠭᠠᠨ᠎ᠠ

ᠣᠶᠤᠨ ᠪᠢᠯᠢᠭ᠌ ᠳᠤᠨᠢ ᠡᠷᠳᠡᠮ ᠳᠤᠳᠠᠬᠤ ᠶᠢ ᠡᠰᠡ ᠮᠠᠳᠠᠨ᠎ᠡ

ᠠᠷᠢᠭᠢᠨ ᠮᠤᠬᠤᠯᠠᠭ ᠲᠤ ᠡᠷᠳᠡᠮ ᠵᠢᠭᠠᠳᠠᠭ ᠦᠭᠡᠶ

ᠠᠷᠢᠭᠢ ᠳᠠᠷᠠᠰᠤᠨ ᠡᠴᠠ ᠠᠪᠢᠶᠠᠰ ᠣᠠᠳᠤᠷᠠᠳᠠᠭ ᠦᠭᠡᠶ


ᠡᠮᠤᠨ᠎ᠡ ᠹᠷᠤᠠᠲ᠋ ᠲᠤ ᠠᠷᠢᠭᠢ ᠲᠡᠶ ᠳᠠᠢ᠌ᠨ ᠵᠠᠷᠯᠠᠨ᠎ᠠ

ᠡᠷᠡᠭᠦᠯ ᠴᠢᠭᠢᠷᠠᠭ ᠢ ᠨᠢ ᠰᠫᠢᠷᠲ᠋ ᠶᠢᠨ ᠰᠤᠮᠤ ᠰᠦᠪᠡᠯᠠᠨ᠎ᠡ

ᠠᠪᠣ ᠶᠢᠨ ᠭᠦᠤ ᠶᠢᠨ ᠳᠤᠭᠰᠢᠨ ᠭᠦᠴᠤᠨ ᠳᠤ

ᠠᠷᠢᠭᠢᠨ ᠪᠣᠳᠤᠩ ᠱᠠᠯ ᠰᠤᠭᠳᠤᠴᠢᠬᠠᠯ᠎ᠠ


ᠠᠯᠳᠠᠨ ᠶᠤ ᠬᠤᠠᠳᠠᠭᠠᠨ ᠳᠠᠭᠠᠨ᠁ ᠭᠡᠵᠤ ᠪᠢ ᠳᠠᠭᠤᠯᠠᠨ᠎ᠠ

ᠠᠬ᠎ᠠ ᠳᠡᠭᠦᠤ ᠳᠠ ᠨᠡᠷ ᠲᠡᠶ ᠪᠠᠨ᠁ ᠭᠡᠵᠤ ᠠᠷᠢᠭᠢ ᠳᠠᠭᠤᠯᠠᠨ᠎ᠠ

ᠳᠡᠭ᠍ᠷᠢ ᠶᠢᠨ ᠳᠠᠭᠤᠯᠠᠳᠠᠭ 《ᠮᠤᠩᠭ᠋ᠤᠯ ᠭᠦᠮᠤᠨ》 ᠊ᠢ ᠠᠷᠢᠭᠢ ᠮᠠᠷᠳᠠᠬᠤ ᠦᠭᠡᠶ

ᠲᠡᠶ ᠪᠠᠢ ᠶᠢᠨ 《ᠰᠡᠯᠡᠭᠦᠨ ᠰᠦᠨᠢ ᠶᠢᠨ ᠪᠣᠳᠤᠯ》 ᠊ᠢ ᠳᠡᠦᠭᠡ ᠮᠠᠷᠳᠠᠬᠤ ᠦᠭᠡᠶ


ᠲ᠋ᠡᠮᠡᠭᠡᠨ ᠴᠢᠨᠡᠭᠡᠨ ᠰᠠᠯᠭᠢ

ᠳᠠᠪᠠᠨᠠᠨ ᠨᠥᠭᠡ ᠪᠠᠷ ᠰᠢᠷᠭᠤᠨ᠎ᠠ

ᠳᠡᠷᠢᠭᠦᠨ ᠡᠷᠭᠦᠨ ᠰᠠᠷᠠ ᠶᠢ ᠰᠢᠷᠳᠠᠨ ᠨᠤᠳᠤᠭ ᠶᠢᠡᠨ ᠰᠠᠨᠠᠨ᠎ᠠ

ᠳᠡᠭᠦᠨ ᠲᠡᠶ ᠪᠠᠨ ᠠᠷᠪᠠᠨ ᠨᠢᠭᠡᠨ ᠨᠤᠮᠸᠷ ᠶᠢᠡᠷ ᠶᠠᠷᠢᠨ᠎ᠠ


ᠨᠢᠭᠤᠴᠠ ᠳᠤᠪᠴᠢᠶᠠᠨ ᠤ ᠨᠢᠭᠤᠴᠠ ᠨᠢ ᠬᠠᠮᠢᠭ᠎ᠠ ᠨᠢ ᠪᠠᠢ᠌ᠨ᠎ᠠ

ᠨᠢᠷᠤᠭᠤᠨ ᠮᠤᠩᠭ᠋ᠤᠯ ᠤᠨ ᠪᠢᠯᠢᠭ᠌ ᠨᠢ ᠬᠠᠮᠢᠭ᠎ᠠ ᠨᠢ ᠪᠠᠢ᠌ᠨ᠎ᠠ

ᠨᠢᠭᠤᠯᠳᠠ ᠦᠭᠡᠶ ᠭᠡᠨ ᠨᠠᠳᠠᠳᠤ ᠬᠠᠷᠢᠭᠤᠯᠤᠨ᠎ᠠ ︖

ᠨᠤᠮ ᠤᠨ ᠣᠪᠣᠭᠠᠨ ᠡᠴᠠ ᠪᠢ ᠡᠷᠢᠨ᠎ᠡ


ᠲ᠋ᠡᠭᠦᠰᠭᠦ ᠥᠭᠦᠯᠡᠯ ᠪᠢᠴᠢᠭᠦ ᠭᠡᠳ

ᠳᠡᠭᠦᠰᠭᠦ ᠦᠭᠡᠶ ᠦᠯᠢᠭᠡᠷ ᠨᠠᠢ᠌ᠷᠠᠭᠯᠠᠵᠤ ᠰᠠᠭᠤᠨ᠎ᠠ

ᠳᠤᠤᠷ ᠰᠦᠯᠵᠢᠶᠠᠨ ᠳᠡᠭᠡᠷ᠎ᠡ

ᠳᠤᠭᠤᠭᠰᠠᠨ ᠭᠡᠳᠤ ᠲᠡᠶ ᠪᠠᠨ ᠳᠤᠭᠯᠠᠵᠤ ᠰᠠᠭᠤᠨ᠎ᠠ


ᠲ᠋ᠤᠮᠤ ᠭᠦᠮᠤᠨ ᠢ ᠳᠠᠭᠤᠷᠢᠶᠠᠵᠤ ᠭᠡᠯᠡᠵᠤ ᠰᠤᠷᠤᠨ᠎ᠠ

ᠳᠤᠯᠢ ᠪᠢᠴᠢᠭ᠌ ᠶᠢᠡᠨ ᠭᠠᠷᠭᠠᠵᠤ ᠡᠷᠢᠵᠤ ᠰᠤᠷᠤᠨ᠎ᠠ

ᠳᠠᠯᠠᠢ ᠪᠡᠨ ᠳᠠᠰᠤᠷᠠᠳᠠᠯ᠎ᠠ ᠪᠦᠵᠢᠭᠯᠡᠵᠤ ᠰᠤᠷᠤᠨ᠎ᠠ

ᠳᠡᠩᠭᠡᠭᠡ ᠪᠠᠨ ᠪᠠᠷᠠᠳᠠᠯ᠎ᠠ ᠠᠷᠢᠭᠢᠳᠠᠵᠤ ᠰᠤᠷᠤᠨ᠎ᠠ


ᠣᠶᠤᠳᠠᠨ ᠠᠮᠢᠳᠤᠷᠠᠯ ᠶᠢᠡᠨ ᠳ᠋ᠦ᠋ᠩᠨᠠᠵᠤ ᠦᠵᠠᠪᠠᠯ

ᠣᠯᠤᠭᠰᠠᠨ ᠨᠢ ᠪᠠᠭ᠎ᠠ ᠠᠯᠳᠠᠭᠰᠠᠨ ᠨᠢ ᠶᠡᠭᠡ

ᠣᠤᠭᠤᠭᠰᠠᠨ ᠠᠷᠢᠭᠢ ᠪᠠᠨ ᠵᠢᠩᠯᠠᠵᠤ ᠦᠵᠠᠪᠠᠯ

ᠣᠷᠤᠰᠬᠤ ᠭᠤᠤᠯ ᠡᠴᠠ ᠭᠤᠷᠪᠠᠨ ᠯᠠᠩ ᠳᠤᠳᠠᠭᠤ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2214
ᠴᠠᠭ᠄ 2013 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ