ᠡᠵᠢ ᠮᠢᠨᠢ

ᠮᠢᠨᠤ ᠡᠵᠢ ᠪᠣᠯ ᠳᠠᠪᠬᠤᠷ ᠳᠤᠷᠮᠤᠭᠤᠷ ᠨᠢᠳᠤ ᠲᠡᠶ᠂ ᠣᠬᠤᠷ ᠬᠠᠷ᠎ᠠ ᠭᠡᠵᠢᠭᠡ ᠲᠡᠶ᠂ ᠪᠦᠮᠪᠤᠷᠬᠡᠨ ᠪᠣᠷᠤ ᠴᠢᠷᠠᠢ ᠲᠡᠶ᠂ ᠪᠣᠷᠤᠭᠵᠢᠭᠤᠨ ᠡᠮᠦᠰᠳᠡᠭ᠌ ᠡᠭᠡᠯ ᠵᠢᠷ ᠤᠨ ᠠᠷᠠᠤᠨ ᠤᠨ ᠪᠠᠭᠰᠢ ᠮᠦᠨ᠃

ᠮᠢᠨᠤ ᠡᠵᠢ ᠯᠠᠪᠳᠠᠭᠤᠨ ᠳᠤᠭᠳᠠᠭᠤᠨ ᠵᠠᠩ ᠲᠡᠶ ᠪᠦᠭᠡᠳ ᠲᠦᠪ ᠭᠤᠤᠯᠴᠢ ᠶᠢ ᠲᠤᠩ ᠡᠷᠭᠢᠮᠯᠡᠳᠡᠭ᠌᠃ ᠨᠠᠮ᠎ᠠ ᠶᠢ ᠵᠢᠭᠠᠨ ᠰᠤᠷᠭᠠᠬᠤ ᠳᠤ ᠪᠠᠨ ᠵᠠᠷᠢᠮ ᠦᠶ᠎ᠡ ᠳᠤ ᠡᠵᠢ ᠶᠢᠨ ᠶᠤᠰᠤ ᠪᠠᠷ ᠭᠡᠯᠡᠵᠤ ᠰᠤᠷᠭᠠᠨ᠂ ᠵᠠᠷᠢᠮ ᠦᠶ᠎ᠡ ᠳᠤ ᠨᠠᠢ᠌ᠵᠠ ᠶᠢᠨ ᠰᠡᠳᠭᠢᠯ ᠶᠢᠡᠷ ᠰᠠᠨᠠᠭ᠎ᠠ ᠰᠤᠯᠢᠯᠴᠠᠳᠠᠭ ᠶᠤᠮ᠃

ᠮᠢᠨᠤ ᠴᠡᠭᠡᠵᠢᠯᠡᠵᠤ ᠪᠠᠢ᠌ᠬᠤ ᠪᠠᠷ᠂ ᠳᠡᠭᠡᠷ᠎ᠡ ᠬᠤᠭᠤᠴᠠᠭ᠎ᠠ ᠶᠢᠨ ᠨᠢᠭᠡᠨ ᠡᠳᠦᠷ ᠪᠠᠢ᠌ᠵᠤ ᠪᠢᠯᠠ᠃ ᠪᠢ ᠳᠤᠭᠠᠨ ᠤ ᠣᠬᠠᠭᠠᠨ ᠤ ᠨᠢᠭᠡᠴᠡ ᠶᠢᠨ ᠰᠢᠯᠭᠠᠯᠳᠠ ᠪᠠᠨ ᠮᠠᠭᠤ ᠰᠢᠭ᠌ ᠰᠢᠯᠭᠠᠭᠤᠯᠤᠭᠠᠤᠨ ᠣᠷᠮ᠎ᠠ ᠮᠠᠭᠤᠳᠠᠢ ᠭᠡᠷ ᠲᠤ ᠪᠠᠨ ᠬᠠᠷᠢᠬᠤ ᠳᠤ ᠡᠵᠢ ᠮᠢᠨᠢ ᠪᠠᠢ᠌ᠳᠠᠯ ᠢ ᠦᠵᠡᠵᠤ ᠭᠠᠷᠤᠭᠠᠤᠨ᠄ 《ᠮᠠᠭᠤ ᠭᠡᠦᠭᠡᠨ ᠮᠢᠨᠢ᠂ ᠡᠨᠡ ᠴᠢᠨᠢ ᠶᠠᠷᠤ ᠶᠢᠨ ᠣᠴᠢᠷ ᠰᠢᠤ᠂ ᠨᠢᠭᠡᠨ ᠣᠳᠠᠭᠠᠨ ᠤ ᠰᠢᠯᠭᠠᠯᠳᠠ ᠨᠢ ᠶᠠᠭᠤ ᠶᠢ ᠴᠤ ᠢᠯᠡᠳᠭᠡᠵᠤ ᠴᠢᠳᠠᠬᠤ ᠦᠭᠡᠶ ᠰᠢᠤ ︕ ᠬᠠᠮᠢᠶ᠎ᠠ ᠦᠭᠡᠶ᠂ ᠳᠠᠷᠠᠭᠠᠴᠢ ᠪᠠᠷ ᠰᠠᠢ᠌ᠨ ᠴᠢᠷᠮᠠᠢ᠌ᠭᠰᠠᠭᠠᠷ ᠪᠣᠯᠴᠢᠬᠠᠨ᠎ᠠ ᠰᠢᠳᠠ ︕ ᠨᠠᠰᠢ ᠬᠠᠷᠠ᠂ ᠡᠵᠢ ᠶᠢᠨ ᠶᠢᠡᠨ ᠵᠥᠭ᠌ ᠢᠨᠢᠶᠡᠮᠰᠦᠭᠯᠨ ᠳ᠋ᠠ ︕》 ᠭᠡᠵᠤ ᠱᠤᠭ ᠭᠠᠷᠭᠠᠨ ᠭᠡᠯᠡᠪᠡ᠃ ᠳᠠᠷᠠ ᠵᠠᠭᠤᠷ᠎ᠠ᠂ ᠮᠢᠨᠤ ᠳᠤᠳᠤᠷ᠎ᠠ ᠭᠡᠨᠡᠳᠲᠡ ᠲᠤᠢ᠌ᠯ ᠶᠢᠡᠷ ᠠᠭᠤᠵᠢᠷᠠᠭᠰᠠᠨ ᠰᠢᠭ ᠪᠣᠯᠪᠠ᠃ ᠳᠠᠢ᠌ᠮᠤ ᠡ᠂ ᠬᠠᠰᠢᠯᠠ ᠡᠵᠢ ᠮᠢᠨᠢ ᠷᠢᠳᠢ ᠰᠢᠳᠢ ᠲᠡᠶ ︕

ᠡᠵᠢ ᠡ᠂ ᠪᠢ ᠳᠠᠨ ᠳᠤ ᠬᠠᠢ᠌ᠷᠠᠳᠠᠢ᠃ ᠳᠠ ᠪᠣᠯ ᠮᠢᠨᠤ ᠬᠠᠮᠤᠭ ᠳᠤᠳᠤᠨᠤ ᠭᠦᠮᠤᠨ ᠮᠦᠨ᠃ ᠪᠢ ᠯᠠᠪ ᠰᠠᠢ᠌ᠨ ᠰᠤᠷᠤᠯᠴᠠᠭᠠᠤᠨ ᠳᠠᠨ ᠢ ᠪᠠᠨ ᠪᠠᠶᠠᠷᠯᠠᠭᠤᠯᠤᠨ᠎ᠠ︕


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ ᠶᠢᠨ ᠬᠤᠶᠠᠷ ᠤᠨ ᠳᠠᠪᠣ

ᠵᠤᠬᠢᠶᠠᠭᠴᠢ᠄ ᠴᠠᠮᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3666
ᠴᠠᠭ᠄ 2011 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ