ᠭᠡᠷᠡᠮ ᠪᠣᠶᠤ ᠰᠡᠭᠦᠳᠡᠷ

ᠰᠡᠭᠦᠳᠡᠷ

ᠰᠡᠭᠦᠯ ᠰᠢᠭ᠌

ᠭᠦᠮᠤᠨ ᠢ ᠳᠠᠭᠠᠵᠤ

ᠰᠡᠭᠦᠯ ᠳ᠋ᠡᠭᠡᠨ

ᠨᠤᠷᠠᠵᠤ ᠣᠨᠠᠨ᠎ᠠ

ᠬᠤᠳᠠ ᠶᠢᠨ ᠰᠡᠭᠦᠳᠡᠷ

ᠬᠠᠨ᠎ᠠ ᠬᠠᠨ᠎ᠠ ᠪᠠᠨ

ᠮᠥᠷᠭᠦᠯᠵᠤ ᠣᠨᠠᠬᠤ

ᠬᠠᠷ᠎ᠠ ᠢᠨᠢᠶᠠᠳᠤᠮ

ᠬᠠᠮᠠᠷ ᠬᠠᠮᠠᠷ ᠵᠢᠠᠨ

ᠳᠤᠯᠭᠠᠵᠤ ᠵᠤᠭᠰᠤᠬᠤ

ᠬᠠᠴᠢᠨ

ᠢᠨᠠᠭ ᠳᠤᠷᠠᠯᠠᠯ

ᠬᠠᠷᠠᠭᠳᠠᠬᠤ ᠥᠭᠡᠢ

ᠣᠷᠤᠰᠴᠤ ᠣᠤᠠᠬᠤ

ᠬᠠᠷᠠᠩᠰᠠᠯ ᠤᠨ ᠠᠮᠢᠰᠬᠤᠭ᠎ᠠ

ᠬᠠᠰᠢᠭᠳᠠᠬᠤ ᠥᠭᠡᠢ

ᠳᠤᠭᠤᠷᠢᠵᠤ ᠶᠠᠪᠣᠬᠤ

ᠬᠠᠵᠠᠭᠤ ᠶᠢᠨ ᠭᠡᠷᠡᠭ᠍ᠳᠡᠨ

ᠬᠤᠳᠠ ᠶᠢᠨ ᠰᠡᠭᠦᠳᠡᠷ ᠪᠢᠯᠠ︕

ᠭᠡᠷᠡᠮ

ᠭᠡᠵᠡᠶᠡᠳᠡ ᠪᠠᠨ

ᠳᠠᠷᠠ ᠨᠢᠭᠡ ᠰᠡᠳᠡᠷᠭᠡᠢ ᠪᠠᠷ ᠵᠢᠠᠨ

ᠭᠡᠷᠡᠭ᠌ ᠦᠭᠡᠶ ᠣᠯᠠᠨ ᠰᠠᠨᠠᠭ᠎ᠠ

ᠴᠤᠪᠣᠷᠠᠯᠳᠤᠭᠤᠯᠤᠨ᠎ᠠ

ᠭᠢᠷᠢ ᠳ᠋ᠡᠭᠡᠨ

ᠡᠨᠡ ᠨᠢᠭᠡ ᠰᠡᠭᠡᠭᠡ ᠪᠠᠷ ᠵᠢᠠᠨ

ᠬᠠᠪᠢᠳᠠᠭᠰᠠᠨ ᠣᠯᠠᠨ ᠪᠦᠭᠦᠳᠡ ᠪᠠᠨ

ᠫᠣᠤᠳᠠᠨ᠎ᠠ


1990.1.7. ᠊᠊᠊᠊᠊᠊᠊᠊᠊᠊᠊᠊᠊᠊᠊ 11 ᠳ᠋ᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌ ᠤᠳ᠃

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1300
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁