《ᠣᠤᠭᠠᠨ ᠳᠤᠷᠠᠯᠠᠯ》 ᠭᠡᠮᠡᠭᠦ ᠠᠷᠪᠠᠨ ᠳᠦᠷᠪᠠᠳᠤ ᠶᠢᠨ ᠡᠷᠢᠭᠡᠨ ᠭᠡᠯᠭᠢᠶ᠎ᠡ (ᠨᠠᠢ᠌ᠷᠠᠭᠯᠠᠯ)

ᠨᠢᠭᠡ


ᠳᠤᠤᠯᠢᠮ᠎ᠠ ᠣᠶᠠᠷᠠᠭᠤᠨ ᠨᠤᠳᠤᠭ ᠢ ᠬᠠᠢ᠌ᠷᠠᠯᠠᠭᠠᠤᠨ

ᠳᠤᠷᠭᠤᠨ ᠳᠤᠷᠠᠯᠠᠯ ᠤᠨ ᠡᠭᠢ ᠶᠢ ᠰᠠᠨᠠᠭᠠᠤᠨ

ᠳᠤᠷᠴᠤ ᠪᠦᠳᠦᠷᠢᠵᠤ ᠳᠦᠭᠦᠭᠡ ᠦᠭᠡᠶ ᠶᠠᠪᠣᠭᠰᠠᠨ

ᠳᠤᠮᠤᠭ᠎ᠠ ᠦᠭᠡᠶ ᠨᠠᠰᠤᠨ ᠤ ᠭᠦᠷᠡᠩ ᠵᠤᠨ ᠳ᠋ᠤ


ᠬᠤᠯᠠ ᠶᠠᠪᠣᠵᠤ ᠬᠤᠷᠸ᠎ᠠ ᠥᠵᠡᠭ᠍ᠰᠡᠨ

ᠬᠤᠨ ᠭᠠᠯᠠᠭᠤ ᠰᠢᠭ ᠦᠨᠳᠦᠷ ᠨᠢᠰᠦᠭ᠍ᠰᠡᠨ

ᠳᠤᠬᠤᠢ ᠠᠢ᠌ᠯ ᠤᠨ ᠳᠤᠷᠮᠤᠭᠤᠷ ᠦᠬᠢᠨ ᠳ᠋ᠤ

ᠳᠤᠷᠠᠵᠤ ᠥᠭᠦᠳᠡᠯ᠎ᠡ ᠪᠠᠨ ᠳᠤᠷᠠᠯᠠᠵᠤ ᠪᠢᠯᠠ


ᠬᠠᠢ᠌ᠷᠠᠯᠠᠬᠤ ᠳᠠᠭᠠᠨ ᠪᠢ ᠳᠠᠭᠤᠯᠠᠵᠤ ᠪᠢᠯᠠ

ᠬᠠᠷᠠᠮᠰᠠᠬᠤ ᠳᠠᠭᠠᠨ ᠪᠢ ᠣᠭᠢᠯᠠᠵᠤ ᠪᠢᠯᠠ

ᠬᠠᠷᠠᠭᠰᠠᠨ ᠪᠦᠭᠦᠨ ᠳᠡᠭᠡᠨ ᠳᠤᠷ᠎ᠠ ᠠᠯᠳᠠᠷᠠᠭᠠᠤᠨ

ᠬᠠᠱᠠᠩ ᠪᠣᠬ᠎ᠠ ᠰᠢᠭ ᠪᠣᠯᠵᠤ ᠪᠢᠯᠠ


ᠣᠷᠤᠭᠰᠢᠯᠠᠯᠳᠠ ᠶᠢᠨ ᠪᠦᠷᠢᠶ᠎ᠡ ᠶᠢ ᠳᠤᠳᠠᠭᠤ ᠦᠯᠢᠶᠡᠭ᠍ᠰᠡᠨ

ᠣᠤᠭᠠᠨ ᠳᠤᠷᠠᠯᠠᠯ ᠢ ᠪᠢᠴᠢᠭᠦ ᠶᠢᠨ ᠠᠷᠭ᠎ᠠ ᠥᠭᠡᠢ


ᠬᠤᠶᠠᠷ


ᠣᠤᠭᠠᠨ ᠳᠤᠷᠠᠯᠠᠯ ᠢ ᠪᠢᠴᠢᠭᠦ ᠶᠢᠨ ᠠᠷᠭ᠎ᠠ ᠥᠭᠡᠢ

ᠣᠠᠳᠠᠭᠠᠤᠨ ᠰᠡᠷᠢᠭ᠍ᠰᠡᠨ ᠨᠣᠢ᠌ᠷ ᠶᠤᠮ ᠦᠦ︖

ᠣᠭᠢᠶᠠᠭᠠᠤᠨ ᠰᠤᠯᠢᠭᠰᠠᠨ ᠬᠤᠪᠴᠠᠰᠤ ᠶᠤᠮ ᠦᠦ︖

ᠣᠤᠭᠤᠭᠠᠤᠨ ᠦᠯᠡᠳᠡᠭ᠍ᠰᠡᠨ ᠠᠷᠢᠭᠢ ᠶᠤᠮ ᠦᠦ︖


ᠣᠯᠤᠰ ᠤᠨ ᠰᠢᠯᠭᠠᠯᠳᠠ ᠳᠤ ᠬᠤᠪᠢ ᠳᠤᠳᠠᠭᠳᠠᠭᠰᠠᠨ

ᠣᠯᠠᠭᠠᠨ ᠬᠠᠳᠠ ᠶᠢᠨ ᠰᠡᠷᠢᠭᠦᠭᠡᠨ ᠨᠠᠮᠤᠷ

ᠬᠤᠷᠢᠭᠳᠠᠯ ᠰᠢᠭ ᠣᠢ᠌ᠤᠠᠬᠠᠷ ᠲᠠᠭᠠᠨ ᠵᠢᠪᠣᠵᠤ

ᠬᠣᠢ᠌ᠳᠤ ᠡᠭᠡ ᠶᠢᠨ ᠬᠡᠦᠬᠡᠳ ᠰᠢᠭ᠌

ᠬᠤᠯᠮᠠᠯᠵᠠᠨ ᠬᠤᠯᠮᠠᠯᠵᠠᠨ ᠶᠠᠪᠣᠬᠤ ᠳᠠᠭᠠᠨ ᠣᠴᠠᠷᠠᠭᠰᠠᠨ

ᠬᠠᠴᠠᠷ ᠲᠠᠭᠠᠨ ᠪᠦᠷᠢᠳᠤ ᠲᠡᠶ᠂ ᠬᠠᠷᠠᠬᠤ ᠳᠠᠭᠠᠨ ᠬᠠᠯᠠᠭᠤᠬᠠᠨ

ᠥᠵᠡᠭᠦ ᠳᠤ ᠡᠪᠯᠢᠩᠭᠡᠨ᠂ ᠪᠣᠷᠤᠬᠠᠨ ᠨᠢᠳᠤ ᠳᠠᠢ

ᠳᠠᠪ ᠭᠢᠭ᠍ᠰᠡᠨ ᠪᠠᠶ᠎ᠠ ᠲᠡᠶ᠂ ᠳᠡᠭ᠍ᠰᠢ ᠭᠦᠷᠦᠭ᠍ᠰᠡᠨ ᠭᠡᠵᠢᠭᠡ ᠳᠠᠢ

ᠡᠰᠲ᠋ᠷᠡᠲ᠋ ᠳᠠᠭᠤᠴᠢᠨ ᠰᠢᠭ ᠳᠡᠭ᠍ᠵᠢᠨ ᠦᠬᠢᠨ ᠤ

ᠥᠩᠭᠡ ᠵᠢᠰᠤ ᠶᠢ ᠨᠢ ᠭᠡᠯᠡᠭᠦ ᠶᠢᠨ ᠭᠠᠵᠠᠷ ᠥᠭᠡᠢ


ᠭᠤᠷᠪᠠ


ᠥᠩᠭᠡ ᠵᠢᠰᠤ ᠶᠢ ᠨᠢ ᠭᠡᠯᠡᠭᠦ ᠶᠢᠨ ᠭᠠᠵᠠᠷ ᠥᠭᠡᠢ

ᠡᠭᠡᠵᠢᠭ᠌ ᠲᠡᠶ ᠬᠤᠷᠸ᠎ᠠ ᠳᠤ ᠡᠷᠭᠢᠭᠡᠳ ᠣᠴᠠᠷᠠᠬᠤ ᠥᠭᠡᠢ

ᠡᠡᠭ᠌ ᠦᠭᠡᠶ ᠳᠤᠷᠠᠰᠬᠠᠯᠳᠤ ᠳᠠᠷᠠ ᠦᠬᠢᠨ

ᠡᠷᠭᠡ ᠴᠢᠯᠦᠭᠡᠨ ᠤ ᠮᠢᠨᠢ ᠵᠢᠵᠢᠭ᠍‍ᠬᠡᠨ ᠳᠠᠯᠠᠪᠣᠷ ᠳᠤ

ᠥᠢᠮᠡᠭᠡᠨ ᠱᠤᠤᠭᠢᠶᠠᠨ ᠠᠪᠴᠢᠷᠠᠵᠤ ᠪᠢᠯᠠ


ᠥᠢᠮᠡᠭᠡᠨ ᠱᠤᠤᠭᠢᠶᠠᠨ ᠳ᠋ᠤᠨᠢ ᠪᠢ ᠰᠤᠭᠳᠤᠭᠠᠤᠨ

ᠡᠷᠡᠭᠡ ᠴᠡᠭᠡᠷ ᠦᠭᠡᠶ ᠰᠢᠷᠠᠳᠠᠵᠤ ᠪᠢᠯᠠ

ᠣᠤᠭᠠᠨ ᠳᠤᠷᠠᠯᠠᠯ ᠳᠡᠭᠡᠵᠤ ᠯᠠ ᠬᠠᠭᠠᠷᠠᠭᠠᠤᠨ

ᠣᠰᠤ ᠳᠤᠰᠤ ᠭᠠᠷᠴᠤ ᠪᠢᠯᠠ

ᠣᠷᠤᠢ ᠣᠷᠤᠢ ᠱᠠᠯ ᠳᠡᠪᠳᠦᠭᠡᠭᠡᠳ

ᠣᠠᠳᠠᠭᠠᠤᠨ ᠣᠷᠤᠬᠤ ᠦᠭᠡᠶ ᠭᠠᠴᠢᠭᠳᠠᠵᠤ ᠪᠢᠯᠠ


ᠴᠢᠮᠡᠭᠡ ᠦᠭᠡᠶ ᠳᠤᠷᠠᠯᠠᠬᠤ ᠶᠢᠨ ᠵᠤᠪᠠᠯᠠᠩ ᠠᠮᠰᠠᠭᠤᠯᠤᠭᠰᠠᠨ

ᠴᠡᠭ᠍ᠴᠡᠦᠭᠡᠢ ᠨᠢ ᠳᠠᠷ᠎ᠠ ᠳᠡᠭᠡᠷ᠎ᠡ ᠵᠢᠭᠦᠷ ᠶᠢᠡᠷ ᠶᠢᠡᠨ ᠵᠢᠷᠭᠢᠭ᠍ᠰᠡᠨ

ᠥᠰᠭᠦ ᠨᠠᠰᠤᠨ ᠤ ᠮᠢᠨᠢ ᠳᠠᠭᠤᠤ ᠲᠡᠶ ᠦᠷᠯᠦᠭᠡ


ᠳᠦᠷᠪᠠ


ᠥᠰᠭᠦ ᠨᠠᠰᠤᠨ ᠤ ᠮᠢᠨᠢ ᠳᠠᠭᠤᠤ ᠲᠡᠶ ᠦᠷᠯᠦᠭᠡ

ᠣᠤᠭᠠᠨ ᠳᠤᠷᠠᠯᠠᠯ ᠤᠨ ᠮᠦᠴᠢᠷ ᠢ ᠭᠦᠡᠳᠡᠭ᠍ᠰᠡᠨ

ᠣᠷᠤᠭᠤᠯ ᠨᠢ ᠨᠢᠮᠭᠡᠨ᠂ ᠰᠠᠯᠭᠢ ᠰᠢᠭ ᠦᠬᠢᠨ ᠢ

ᠠᠮᠢ ᠪᠠᠨ ᠭᠠᠷᠳᠠᠯ᠎ᠠ ᠭᠦᠭᠡᠭᠡᠭ᠍ᠰᠡᠨ ᠦᠯᠢᠭᠡᠷ ᠢ


ᠳᠠᠪᠠᠷᠢᠵᠤ ᠥᠨᠦᠰᠦᠭᠡᠳ ᠭᠡᠢ᠌ᠷᠭᠡᠵᠤ ᠬᠤᠨᠤᠮ᠎ᠠ ᠥᠭᠡᠢ

ᠳᠦᠭ᠍ᠰᠢᠭᠦᠷᠢ ᠪᠠᠷ ᠠᠮᠢᠰᠬᠤᠭᠰᠠᠨ ᠰᠦᠨᠢ ᠶᠠᠷᠢᠨ᠎ᠠ

ᠴᠡᠭᠡᠵᠢ ᠴᠡᠭᠡᠵᠢ ᠪᠠᠨ ᠴᠢᠨᠤᠷᠠᠳᠠᠯ᠎ᠠ ᠨᠠᠯᠠᠮ᠎ᠠ ᠥᠭᠡᠢ

ᠴᠡᠩᠭᠡᠯ ᠤᠨ ᠳ᠋ᠸᠪᠠᠵᠠᠨ ᠬᠠᠷᠠᠩᠭ᠋ᠤᠢ ᠪᠤᠯᠦᠩ ᠶᠠᠷᠢᠨ᠎ᠠ


ᠵᠤᠵᠠᠭᠠᠨ ᠳᠡᠪᠢᠰᠭᠡᠷ ᠶᠢᠡᠨ ᠭᠦᠯᠦᠰᠤᠨ ᠳᠤ ᠳᠠᠪᠳᠤᠳᠠᠯ᠎ᠠ

ᠵᠢᠭᠤᠷᠠᠯᠳᠤᠵᠤ ᠪᠠᠢ᠌ᠭᠰᠠᠨ ᠥᠭᠡᠢ

ᠵᠠᠭᠠᠮᠠᠨ ᠳᠤᠪᠴᠢ ᠪᠠᠨ ᠰᠠᠳᠠ ᠣᠴᠢᠳᠠᠯ᠎ᠠ

ᠵᠠᠢ ᠦᠭᠡᠶ ᠨᠠᠭᠠᠯᠳᠤᠵᠤ ᠪᠠᠢ᠌ᠭᠰᠠᠨ ᠥᠭᠡᠢ


ᠥᠰᠭᠦ ᠨᠠᠰᠤᠨ ᠤ ᠳᠠᠭᠤᠤ ᠲᠡᠶ ᠦᠷᠯᠦᠭᠡᠨ ᠤ

ᠦᠷ᠎ᠡ ᠳ᠋ᠦ᠋ᠩ ᠦᠭᠡᠶ ᠬᠠᠢ᠌ᠷ᠎ᠠ ᠶᠢᠨ ᠳᠤᠬᠠᠢ


ᠳᠠᠪᠣ


ᠦᠷ᠎ᠡ ᠳ᠋ᠦ᠋ᠩ ᠦᠭᠡᠶ ᠬᠠᠢ᠌ᠷ᠎ᠠ ᠶᠢᠨ ᠳᠤᠬᠠᠢ

《ᠵᠢᠷᠤᠭ ᠰᠢᠭ ᠦᠬᠢᠨ》 ᠊ᠤ ᠭᠠᠩᠭ᠋ᠠᠩ ᠭᠠᠯᠪᠢᠷ ᠭᠡᠯᠡᠵᠤ ᠪᠠᠢ᠌ᠨ᠎ᠠ

ᠵᠤᠷᠢᠭ ᠮᠠᠳᠠᠨ ᠵᠢᠷᠤᠵᠤ ᠰᠠᠭᠤᠭᠰᠠᠨ

ᠵᠠᠭᠤᠷᠠᠳᠤ ᠶᠢᠨ ᠵᠢᠷᠭᠠᠯ ᠲᠡᠶ ᠭᠠᠷ ᠭᠦᠯ ᠶᠠᠷᠢᠵᠤ ᠪᠠᠢ᠌ᠨ᠎ᠠ


ᠥᠭᠡᠳᠡ ᠲᠡᠶ ᠳᠤᠷᠠᠯᠠᠯ ᠳᠤ ᠣᠴᠠᠷᠠᠭᠠᠤᠨ ᠪᠠᠢ᠌ᠬᠤ ᠳ᠋ᠤ

ᠣᠷᠤᠭᠤ ᠲᠡᠶ ᠳᠠᠪᠢᠯᠠᠩ ᠨᠢ ᠬᠤᠷᠢᠭᠠᠤᠨ ᠪᠠᠢ᠌ᠳᠠᠭ

ᠣᠰᠤᠨ ᠤ ᠣᠷᠤᠰᠬᠠᠯ ᠰᠢᠭ ᠶᠠᠪᠣᠭᠠᠤᠨ ᠦᠭ‍ᠭᠦ ᠳ᠋ᠤ

ᠣᠷᠤᠭᠤ ᠴᠢᠷᠠᠢ᠌ᠯᠠᠵᠤ ᠰᠠᠨᠠᠭᠠᠤᠨ ᠪᠠᠢ᠌ᠳᠠᠭ


ᠳᠠᠪᠳᠠᠬᠤ ᠠᠩᠭᠢ ᠶᠢᠨ ᠴᠤᠩᠬᠤ ᠪᠠᠷ

ᠳᠠᠮᠢᠷ ᠦᠭᠡᠶ ᠨᠢᠳᠤ ᠪᠠᠷ ᠰᠢᠷᠳᠠᠵᠤ

ᠳᠠᠨ ᠲᠡᠶ ᠪᠠᠢ᠌ᠬᠤ ᠶᠢᠨ ᠲᠦᠯᠦᠭᠡ ᠶᠡᠭᠡ ᠰᠤᠷᠭᠠᠭᠤᠯᠢ ᠳᠤ ᠣᠷᠤᠨ᠎ᠠ ᠭᠡᠵᠤ

ᠳᠠᠰᠤ ᠵᠠᠭᠤᠭᠰᠠᠨ ᠣᠷᠤᠭᠤᠯ ᠥᠭᠦᠯᠡᠵᠤ ᠪᠠᠢ᠌ᠨ᠎ᠠ


ᠵᠢᠵᠢᠩᠭᠡᠨ ᠨᠢ ᠵᠢᠵᠢᠩᠭᠡᠨ ᠪᠣᠯᠪᠠᠴᠤ ᠡᠨᠡ ᠬᠠᠢ᠌ᠷ᠎ᠠ

ᠵᠤᠯ ᠲᠡᠶ ᠨᠠᠰᠤᠨ ᠤ ᠮᠢᠨᠢ ᠨᠢᠮᠭᠡᠨ ᠳᠡᠦᠭᠡ


ᠵᠢᠷᠭᠤᠭ᠎ᠠ


ᠵᠤᠯ ᠲᠡᠶ ᠨᠠᠰᠤᠨ ᠤ ᠮᠢᠨᠢ ᠨᠢᠮᠭᠡᠨ ᠳᠡᠦᠭᠡ

ᠵᠤᠵᠠᠭᠠᠨ ᠨᠢᠮᠭᠡᠨ ᠨᠢ ᠠᠳᠠᠯᠢ ᠥᠭᠡᠢ

ᠵᠤᠭ᠎ᠠ ᠴᠡᠩᠭᠡᠯ ᠨᠢ ᠳᠠᠩ ᠥᠭᠡᠢ


ᠵᠤᠷᠢᠯᠭ᠎ᠠ ᠨᠢᠭᠡᠳᠡᠢ ᠨᠢᠭᠡᠨ ᠵᠠᠮ ᠵᠢᠠᠷ

ᠵᠤᠤᠵᠠᠢ ᠬᠤᠯᠪᠤᠨ ᠶᠠᠪᠣᠵᠤ ᠴᠢᠳᠠᠭ᠎ᠠ ᠥᠭᠡᠢ

ᠵᠤᠯᠠ ᠰᠢᠭ ᠠᠰᠠᠳᠠᠭ ᠨᠢᠭᠡᠨ ᠭᠡᠷ ᠤᠨ

ᠴᠢᠰᠴᠠᠤ ᠭᠦᠡᠵᠢᠯᠡ ᠳᠤ ᠨᠣᠢ᠌ᠷᠰᠤᠵᠤ ᠳᠡᠢ᠌ᠯᠦᠭᠡ ᠥᠭᠡᠢ


ᠠᠮᠠᠷᠠᠭ ᠳᠠᠷᠠᠰᠤᠨ ᠡᠴᠠ ᠳᠤᠳᠠᠭᠤ ᠠᠮᠰᠠᠭᠰᠠᠨ

ᠠᠷᠤᠭᠴᠢᠨ ᠭᠠᠵᠠᠷ ᠤᠨ ᠴᠡᠩᠭᠡᠷ ᠡᠳᠦᠷ ᠤᠳ

ᠠᠷᠠᠤᠨ ᠤᠨ ᠬᠤᠷᠰᠢᠶᠠᠨ ᠳᠤ ᠨᠠᠷ᠎ᠠ ᠪᠠᠨ ᠬᠤᠳᠠᠯᠳᠤᠭᠰᠠᠨ

ᠠᠷᠭ᠎ᠠ ᠦᠭᠡᠶ ᠭᠠᠴᠢᠭ ᠲᠡᠶ ᠳᠠᠮᠠᠴᠠᠯ ᠤᠨ ᠮᠦᠴᠡ ᠨᠤᠭᠦᠳ


ᠣᠤᠭᠠᠨ ᠳᠤᠷᠠᠯᠠᠯ ᠤᠨ ᠭᠦᠨ ᠣᠯᠤᠮ ᠢ

ᠣᠭᠳᠤᠯᠤᠭ᠎ᠠ ᠴᠤ ᠦᠭᠡᠶ᠂ ᠣᠪᠠᠢ᠌ᠯᠠᠭ᠎ᠠ ᠴᠤ ᠥᠭᠡᠢ

ᠭᠠᠳᠤᠯᠤᠭ᠎ᠠ ᠴᠤ ᠦᠭᠡᠶ᠂ ᠭᠡᠳᠦᠯᠦᠭᠡ ᠴᠤ ᠥᠭᠡᠢ


ᠳᠤᠯᠤᠭ᠎ᠠ


ᠭᠠᠳᠤᠯᠤᠭ᠎ᠠ ᠴᠤ ᠦᠭᠡᠶ᠂ ᠭᠡᠳᠦᠯᠦᠭᠡ ᠴᠤ ᠥᠭᠡᠢ

ᠭᠠᠩᠭ᠋᠎ᠠ ᠮᠦᠷᠠᠨ ᠰᠢᠭ᠌ ᠳᠠᠷᠠ ᠣᠯᠤᠮ ᠵᠢᠠᠷ

ᠭᠠᠯ ᠵᠠᠯᠠᠭᠤ ᠨᠠᠰᠤᠨ ᠤ ᠭᠦᠭ᠍ᠵᠢᠶᠡᠡᠳᠤ ᠰᠢᠮᠹᠤᠨᠢ ᠳᠤᠭᠯᠠᠨ᠎ᠠ


ᠭᠦᠪᠠᠭᠡᠨ ᠳ᠋ᠤᠨᠢ ᠬᠦᠬᠡᠬᠤᠲᠠ ᠣᠷᠤᠨ᠎ᠠ ᠭᠡᠵᠤ ᠳᠡᠷᠪᠠᠭ᠍ᠰᠡᠨ

ᠭᠦᠳᠡᠭᠡ ᠶᠢᠨ ᠭᠦᠤ ᠵᠢᠨ

ᠭᠡᠦᠭᠡᠨ ᠳᠤᠷᠠᠯᠠᠯ ᠳᠤᠭᠯᠠᠨ᠎ᠠ


ᠬᠦᠬᠡᠬᠤᠲᠠ ᠭᠡᠵᠤ ᠰᠠᠢ᠌ᠬᠠᠨ ᠯᠠ ᠪᠠᠢ᠌ᠬ᠎ᠠ

ᠭᠦᠳᠡᠭᠡ ᠨᠤᠳᠤᠭ ᠢ ᠮᠢᠨᠢ ᠭᠦᠷᠳᠡᠭ᠌ ᠴᠤ ᠪᠣᠯ ᠦᠦ︖

ᠭᠦᠮᠤᠨ ᠪᠦᠭᠦᠨ ᠨᠢ ᠮᠠᠨᠠᠢ᠌ᠭᠢᠨ ᠰᠢᠭ

ᠭᠦᠭᠡ ᠴᠠᠢ ᠳᠤ ᠳᠤᠷᠠᠳᠠᠢ ᠪᠣᠯ ᠦᠦ︖


ᠭᠦᠷᠡᠡᠩ ᠭᠤᠪᠢ ᠶᠢᠨ ᠮᠢᠨᠢ ᠰᠤᠳᠠᠰᠤ ᠪᠣᠯᠤᠭᠰᠠᠨ

ᠭᠦᠭᠡ ᠮᠤᠩᠭ᠋ᠤᠯ ᠤᠨ ᠮᠢᠨᠢ ᠰᠤᠶᠤᠯ ᠪᠣᠯᠤᠭᠰᠠᠨ

ᠭᠦᠷᠴᠤ ᠥᠵᠡᠭᠡ ᠦᠭᠡᠶ ᠬᠦᠬᠡᠬᠤᠲᠠ ᠭᠡᠳᠡᠭ᠌

ᠭᠦᠰᠡᠯ ᠮᠦᠷᠦᠭᠡᠳᠦᠯ ᠤᠨ ᠮᠢᠨᠢ ᠡᠴᠦᠰ ᠤᠨ ᠦᠷᠳᠡᠭᠡ


ᠨᠢ᠋ᠮᠠ


ᠭᠦᠰᠡᠯ ᠮᠦᠷᠦᠭᠡᠳᠦᠯ ᠤᠨ ᠡᠴᠦᠰ ᠤᠨ ᠦᠷᠳᠡᠭᠡ

ᠬᠦᠬᠡᠬᠤᠲᠠ ᠭᠡᠵᠤ ᠬᠤᠳᠠ ᠯᠠ ᠭᠠᠵᠠᠷ ᠪᠣᠯᠬᠤᠷ

ᠬᠤᠪᠢᠯᠢᠭ ᠴᠢᠨᠤ ᠰᠡᠳᠭᠢᠯ ᠬᠤᠶᠠᠷᠯᠠᠬᠤ ᠡᠴᠠ ᠠᠶᠤᠨ᠎ᠠ

ᠬᠤᠩᠰᠢᠶᠠᠷ ᠲᠡᠶ᠂ ᠮᠥᠩᠭᠦ ᠲᠡᠶ ᠨᠢᠭᠡᠨ ᠤ ᠭᠢᠨᠢ

ᠬᠤᠠᠳᠠᠭ᠎ᠠ ᠲᠡᠶ ᠥᠳᠦᠭᠡᠯᠭᠡ ᠳᠤ ᠰᠤᠭᠳᠤᠬᠤ ᠡᠴᠠ ᠠᠶᠤᠨ᠎ᠠ


ᠬᠠᠢ᠌ᠷ᠎ᠠ ᠭᠡᠳᠡᠭ᠌ ᠤᠨ ᠣᠭ ᠢᠵᠠᠭᠤᠷ ᠨᠢ ᠬᠠᠷᠠᠮᠴᠢ ᠪᠣᠯᠬᠤᠷ

ᠬᠠᠢ᠌ᠷᠠᠯᠠᠨ᠎ᠠ ᠭᠡᠳᠡᠭ᠌ ᠤᠨ ᠦᠨᠳᠦᠰᠦ ᠨᠢ ᠦᠮᠴᠢᠯᠠᠨ᠎ᠡ ᠭᠡᠭᠦ ᠪᠣᠯᠬᠤᠷ

ᠬᠠᠮᠳᠤᠷᠠᠬᠤ ᠶᠢᠨ ᠬᠠᠪᠢᠷᠭᠠᠨ ᠵᠠᠶᠠᠭ᠎ᠠ ᠪᠠᠨ ᠳᠡᠷᠭᠡᠯᠰᠢᠯᠡᠭᠦᠯᠤᠨ᠎ᠡ ᠭᠡᠮᠡᠨ


ᠭᠠᠷ ᠲᠠᠭᠠᠨ ᠠᠯᠳᠠᠨ ᠪᠦᠯᠡᠵᠢᠩ ᠵᠡᠭᠦᠵᠤ

ᠭᠠᠯᠪᠠ ᠳᠤ ᠪᠠᠢ᠌ᠭ᠎ᠠ ᠦᠭᠡᠶ ᠶᠠᠭᠤᠮ᠎ᠠ ᠶᠢ ᠥᠵᠡᠭ᠍ᠰᠡᠨ ᠶᠤᠮ ᠰᠢᠭ᠌ ᠰᠡᠩᠭᠡᠯᠵᠡᠳᠡᠭ᠌

ᠭᠦᠡᠳᠤ ᠠᠵᠢᠯ ᠭᠢᠭᠡ ᠦᠭᠡᠶ᠂ ᠭᠦᠳᠡᠯᠮᠦᠷᠢ ᠳᠤ ᠳᠠᠪᠳᠠᠭᠳᠠᠭ᠎ᠠ ᠥᠭᠡᠢ

ᠭᠡᠴᠡᠭᠦᠭᠡᠨ ᠭᠤᠶᠤᠯᠠᠳᠠᠭ ᠭᠠᠢ ᠶᠢᠨ ᠵᠠᠯᠠᠭᠤᠰ ᠡᠴᠠ ᠬᠠᠷᠠᠮᠨᠠᠨ᠎ᠠ


ᠬᠠᠢ᠌ᠷ᠎ᠠ ᠬᠠᠢ᠌ᠷ᠎ᠠ ᠶᠢᠨ ᠳᠡᠭᠡᠳᠤ ᠮᠢᠨᠢ

ᠬᠠᠮᠠᠷ ᠳᠤᠬᠤᠢ ᠶᠢᠨ ᠦᠬᠢᠨ ᠮᠢᠨᠢ


ᠶ‍ᠢᠰᠤ


ᠬᠠᠮᠠᠷ ᠳᠤᠬᠤᠢ ᠶᠢᠨ ᠦᠬᠢᠨ ᠮᠢᠨᠢ

ᠠᠷᠵᠠᠭᠠᠷ ᠳᠠᠷᠵᠠᠭᠠᠷ ᠪᠣᠯᠪᠠᠴᠤ ᠴᠠᠭᠠᠨ ᠢᠳᠡᠭᠡᠨ

ᠠᠭᠠᠷᠤᠤᠯ ᠡᠴᠠ ᠪᠠᠨ ᠠᠪᠣᠶ᠎ᠠ

ᠠᠮᠳᠠᠳᠠᠢ ᠭᠡᠳ ᠯᠠ ᠴᠢ ᠮᠢᠨᠢ ᠠᠶᠠᠳᠠᠢ᠌ᠬᠠᠨ ᠮᠥᠰᠢᠶᠡᠭᠦ ᠪᠠᠢ᠌ᠬᠤ ᠡ


ᠢᠰᠭᠦᠯᠡᠩ ᠭᠦᠴᠦᠳᠡᠢ ᠪᠣᠯᠪᠠᠴᠤ ᠣᠮᠳᠠ ᠬᠠᠷᠢᠳᠠᠭ

ᠠᠢ᠌ᠷᠠᠭ ᠡᠴᠠ ᠪᠠᠨ ᠭᠢᠶ᠎ᠠ

ᠢᠳᠠ ᠲᠡᠶ ᠭᠡᠳ ᠯᠠ ᠴᠢ ᠮᠢᠨᠢ ᠡᠶᠡᠯᠳᠡᠩᠭᠡᠨ ᠢᠨᠢᠶᠡᠭᠦ ᠪᠠᠢ᠌ᠬᠤ ᠡ


ᠪᠣᠷᠪᠢ ᠨᠢ ᠡᠯᠡᠭ᠍ᠳᠡᠭ᠍ᠰᠡᠨ ᠴᠤ ᠪᠣᠯᠢᠭᠠᠷᠢ ᠭᠤᠳᠤᠯ ᠶᠢᠡᠨ ᠡᠮᠦᠰᠦᠶ᠎ᠡ

ᠪᠣᠯᠭᠢ ᠪᠦᠳᠦᠭᠦᠯᠢᠭ᠌ ᠭᠡᠵᠤ ᠭᠤᠯᠤᠬᠤ ᠦᠭᠡᠶ ᠪᠠᠢ᠌ᠬᠤ ᠡ᠂ ᠴᠢ ᠮᠢᠨᠢ

ᠪᠦᠳᠦᠭᠦᠨ ᠡᠯᠪᠠᠭ᠌ ᠴᠤ ᠪᠣᠷᠤ ᠳᠡᠷᠯᠢᠭ᠌ ᠶᠢᠡᠨ ᠳᠠᠳᠠᠶ᠎ᠠ

ᠪᠦᠭᠦᠳᠡ ᠶᠢᠨ ᠡᠮᠤᠨ᠎ᠡ ᠨᠢᠭᠤᠷ ᠢ ᠴᠢᠨᠢ ᠪᠠᠷᠠᠬᠤ ᠦᠭᠡᠶ ᠪᠠᠢ᠌ᠬᠤ︖


ᠡᠢ᠌ᠮᠤ ᠯᠠ ᠭᠦᠮᠤᠨ ᠳᠤ ᠬᠠᠢ᠌ᠷᠠᠯᠠᠭᠳᠠᠵᠤ ᠶᠠᠪᠣᠭ᠎ᠠ ᠦᠦ︖ ᠭᠡᠵᠤ

ᠡᠷᠭᠢᠨ ᠳᠤᠭᠤᠷᠢᠨ ᠤ ᠨᠥᠭᠦᠤᠨ ᠴᠢᠨᠢ ᠡᠯᠢᠭᠡ ᠪᠠᠨ ᠭᠦᠰᠢᠳᠡᠯ᠎ᠡ ᠳᠤᠭᠤᠭᠢᠯᠠᠪᠠᠯ

ᠡᠷᠭᠡ ᠦᠭᠡᠶ ᠪᠢ ᠳᠠᠭᠤᠯᠠᠭᠠᠤᠨ ᠦᠭ‍ᠭᠦᠶ᠎ᠡ


ᠠᠷᠪᠠ


ᠡᠷᠡᠭᠡ ᠦᠭᠡᠶ ᠪᠢ ᠳᠠᠭᠤᠯᠠᠭᠠᠤᠨ ᠦᠭ‍ᠭᠦᠶ᠎ᠡ

ᠡᠷᠭᠡᠯᠡᠵᠤ ᠳᠤᠭᠯᠠᠭᠰᠠᠨ ᠪᠢᠳᠠ ᠬᠤᠶᠠᠷ ᠤᠨ

ᠡᠷᠢᠭᠡᠳ ᠣᠴᠢᠭᠰᠠᠨ ᠵᠡᠭᠦᠳᠤᠨ ᠤ ᠳᠠᠬᠠᠢ


ᠳᠸᠯᠸᠰ ᠬᠤᠷᠢᠶᠠᠨ ᠤ ᠠᠰᠠᠷ ᠭᠡᠵᠤ ᠦᠨᠳᠦᠷ ᠪᠠᠢ᠌ᠬᠤ ᠡ︖

ᠳᠡᠷᠳᠡᠭᠡ ᠪᠠᠢ᠌ᠳᠠᠭ ᠨᠠᠮᠬᠠᠨ ᠬᠤᠧᠨ ᠶᠢᠨ ᠭᠢᠷᠢ ᠪᠠᠢ᠌ᠨᠠᠤ︖

ᠳᠤᠯᠤᠭᠠᠢ ᠡᠷᠭᠢᠭᠡᠳ ᠣᠨᠠᠴᠢᠬᠠᠳᠠᠭ ᠪᠣᠯ ᠦᠦ︖

ᠳᠡᠨᠡᠭ᠌ ᠨᠠᠮᠢ᠋ᠢ ᠣᠷᠤᠭᠤᠯᠳᠠᠭ ᠪᠣᠯ ᠦᠦ︖


ᠬᠠᠮᠢᠭ᠎ᠠ ᠡᠴᠠ ᠢᠷᠡᠭᠡ ᠭᠦᠮᠤᠨ᠂ ᠭᠡᠨ ᠢ ᠡᠷᠢᠭᠦ ᠪᠣᠢ︖ ᠭᠡᠵᠤ

ᠬᠠᠭᠠᠯᠭ᠎ᠠ ᠬᠠᠷᠠᠳᠠᠭ ᠨᠢ ᠬᠠᠷᠠᠴᠠ ᠳᠤᠯᠭᠠᠨ ᠠᠰᠠᠭᠤᠪᠠᠯ

ᠪᠣᠭᠤᠳᠠᠢ ᠰᠢᠭᠤᠳᠠᠢ ᠪᠠᠨ ᠡᠭᠦᠷᠦᠭ᠍ᠰᠡᠨ ᠴᠢᠭ᠌ ᠶᠢᠡᠷ ᠶᠢᠡᠨ

ᠪᠣᠭ ᠴᠢᠦᠡᠭᠦᠷ ᠰᠢᠭ᠌ ᠬᠠᠷᠠᠭᠳᠠᠭ᠎ᠠ ᠰᠢᠤᠬᠠᠨ ᠳᠦᠷᠢ ᠪᠠᠷ ᠵᠢᠠᠨ


ᠴᠡᠭᠡᠨ ᠭᠦᠰᠢᠭᠡᠨ ᠳᠤ ᠪᠠᠢ᠌ᠩᠭ᠋ᠤ ᠢᠯᠡᠷᠡᠳᠡᠭ᠌

ᠴᠡᠩᠭᠡᠷ ᠳᠤᠬᠤᠢ ᠵᠢᠨXXX ᠪᠠᠢ᠌ᠨᠠᠤ︖ ᠭᠡᠵᠤ

ᠴᠠᠪᠠᠷ ᠬᠠᠢ᠌ᠷ᠎ᠠ ᠶᠢᠨ ᠬᠠᠳᠠᠭ ᠶᠢᠡᠨ ᠳᠡᠭᠡᠵᠢᠯᠡᠶ᠎ᠡ


ᠠᠷᠪᠠᠨ ᠨᠢᠭᠡ


ᠴᠠᠪᠠᠷ ᠬᠠᠢ᠌ᠷ᠎ᠠ ᠶᠢᠨ ᠬᠠᠳᠠᠭ ᠶᠢᠡᠨ ᠳᠡᠭᠡᠵᠢᠯᠡᠶ᠎ᠡ

ᠴᠡᠩᠭᠡᠷ ᠳᠤᠬᠤᠢ ᠶᠢᠨ ᠥᠵᠡᠰᠭᠦᠯᠡᠩᠳᠤ ᠦᠬᠢᠨ ᠳ᠋ᠤ


ᠣᠯᠤᠰ ᠤᠨ ᠳᠠᠰ ᠤᠨ ᠳᠠᠭᠠᠭᠠᠮᠠᠯ ᠭᠦᠮᠤᠨ ᠤ ᠳᠡᠷᠭᠡᠳᠡ

ᠣᠷᠤ ᠪᠠᠨ ᠡᠭᠦᠷᠦᠭ᠍ᠰᠡᠨ ᠭᠢᠳᠠᠤᠨ ᠰᠢᠭ᠌

ᠣᠩᠭ᠋ᠣᠢ᠌ᠨ ᠬᠠᠷᠠᠯᠠᠵᠤ ᠵᠤᠭᠰᠤᠭᠰᠠᠨ ᠨᠢ

ᠣᠷ᠎ᠠ ᠨᠢ ᠵᠤᠭᠢᠴᠠᠭ᠎ᠠ ᠦᠭᠡᠶ ᠵᠣᠢ᠌ᠷᠯᠠᠯ ᠰᠢᠭ

ᠣᠭᠤ ᠴᠤ ᠮᠠᠭᠤᠬᠠᠨ ᠣᠩᠰᠢᠭᠳᠠᠨ᠎ᠠ


ᠴᠢ ᠮᠢᠨᠢ ᠳᠡᠭᠡᠵᠤ ᠯᠠ ᠰᠤᠴᠢᠨ᠎ᠠ

ᠴᠢᠮᠡᠭᠡ ᠢᠷᠡᠭᠦᠯᠭᠦ ᠦᠭᠡᠶ ᠭᠡᠵᠤ ᠵᠢᠮᠠᠯᠠᠨ᠎ᠠ

ᠴᠠᠢ ᠴᠢᠯᠡᠭᠦ ᠭᠡᠵᠤ ᠶᠠᠭᠠᠷᠠᠨ᠎ᠠ

ᠴᠠᠯ ᠪᠣᠭᠤᠷᠤᠯ ᠡᠮᠧ ᠶᠢᠨ ᠮᠢᠨᠢ ᠠᠮᠤᠷ ᠢ ᠠᠰᠠᠭᠤᠨ᠎ᠠ


ᠴᠡᠪᠠᠷᠭᠡᠨ ᠬᠠᠴᠠᠷ ᠢ ᠴᠢᠨᠢ ᠬᠠᠷᠠᠭᠠᠤᠨ ᠴᠠᠩᠭ᠋ᠠᠭ᠎ᠠ ᠮᠢᠨᠢ ᠳᠠᠢ᠌ᠯᠤᠭᠳᠠᠨ᠎ᠠ

ᠴᠢᠮᠡᠭᠡ ᠦᠭᠡᠶ ᠨᠢᠭᠡ ᠠᠵᠢᠭᠯᠠᠯᠠᠳᠠ ᠭᠢᠶ᠎ᠠ

ᠴᠢᠩ ᠦᠨᠡᠠᠴᠢ ᠣᠤᠭᠠᠨ ᠳᠤᠷᠠᠯᠠᠯ ᠳ᠋ᠠᠭᠠᠨ


ᠠᠷᠪᠠᠨ ᠬᠤᠶᠠᠷ


ᠴᠢᠩ ᠦᠨᠡᠠᠴᠢ ᠣᠤᠭᠠᠨ ᠳᠤᠷᠠᠯᠠᠯ ᠳ᠋ᠠᠭᠠᠨ

ᠴᠢᠮᠡᠭᠡ ᠦᠭᠡᠶ ᠨᠢᠭᠡ ᠠᠵᠢᠭᠯᠠᠯᠠᠳᠠ ᠭᠢᠶ᠎ᠠ


ᠭᠦᠷᠢ ᠭᠡᠪᠳᠡᠭ᠍ᠰᠡᠨ ᠰᠢᠭ᠌ ᠭᠦᠮᠦᠰᠭᠡ ᠨᠢ ᠭᠡᠪ ᠶᠢᠡᠷ ᠠᠪᠠᠴᠤ

ᠭᠡᠦᠭᠡᠯᠢᠭ᠌ ᠴᠢᠷᠠᠢ ᠳ᠋ᠤᠨᠢ ᠠᠮᠢᠳᠤᠷᠠᠯ ᠰᠠᠭᠤᠭᠰᠠᠨ ᠳᠤᠳᠤᠷᠠᠨ᠎ᠠ

ᠭᠦᠮᠤᠨ ᠳᠤ ᠡᠯᠢᠭᠡᠰᠡᠭ᠌ ᠵᠠᠩ ᠨᠢ ᠶᠠᠩᠵᠤ ᠪᠠᠷ ᠪᠠᠢ᠌ᠪᠠᠴᠤ

ᠭᠦᠮᠤᠨ ᠢ ᠬᠠᠷᠠᠬᠤ ᠳᠠᠭᠠᠨ ᠭᠢᠨᠠᠭᠤᠷ ᠪᠣᠯᠤᠭᠰᠠᠨ ᠥᠵᠡᠭ᠍ᠳᠡᠨ᠎ᠡ


ᠭᠦᠳᠡᠯᠵᠤ ᠪᠠᠷᠢᠬᠤ ᠨᠢ ᠣᠳᠠᠭᠠᠯᠢᠭ ᠪᠣᠯᠵᠠᠢ

ᠭᠦᠡᠳᠡᠢ᠌ᠷᠡᠭ᠍ᠰᠡᠨ ᠰᠢᠭ᠌ ᠭᠦᠨᠡᠢ᠌ᠷᠭᠡᠤ ᠪᠣᠯᠵᠠᠢ

ᠭᠡᠴᠡᠭᠦᠤ ᠯᠠ ᠨᠠᠳᠠ ᠡᠴᠠ ᠰᠢᠷᠭᠡᠢ᠌ᠵᠤ ᠪᠠᠢ᠌ᠬᠤ ᠰᠢᠭ

ᠭᠡᠳᠦᠭᠡᠨ ᠥᠭᠡ ᠪᠠᠨ ᠭᠢᠴᠢᠶᠠᠵᠤ ᠭᠡᠯᠡᠭᠦ ᠪᠣᠯᠵᠠᠢ


ᠬᠡᠦᠬᠡᠳ ᠤᠨ ᠡᠭᠡ ᠪᠣᠯᠴᠢᠬᠠᠭᠰᠠᠨ ᠴᠢᠮ᠎ᠠ ᠳ᠋ᠤ

ᠭᠦᠰᠡᠵᠤ ᠪᠢ ᠶᠠᠭᠤ ᠶᠠᠷᠢᠬᠤ ᠪᠢᠯᠠ︖

ᠬᠦᠬᠡᠬᠤᠲᠠ ᠶᠢᠨ ᠰᠠᠭᠤᠭᠠᠯᠢ ᠴᠢᠮ᠎ᠠ ᠳ᠋ᠤ

ᠭᠡᠦᠭᠡᠨ ᠳᠤᠷᠠᠯᠠᠯ ᠶᠢᠡᠨ ᠰᠢᠯᠦᠭ᠌ ᠶᠢᠡᠷ ᠡᠷᠭᠦᠶ᠎ᠡ


ᠠᠷᠪᠠᠨ ᠭᠤᠷᠪᠠ


ᠭᠡᠦᠭᠡᠨ ᠳᠤᠷᠠᠯᠠᠯ ᠶᠢᠡᠨ ᠰᠢᠯᠦᠭ᠌ ᠶᠢᠡᠷ ᠡᠷᠭᠦᠶ᠎ᠡ

ᠡᠷᠢᠶᠡᠨ ᠨᠢᠳᠤ ᠪᠠᠨ ᠵᠥᠯᠭᠦᠨ ᠪᠠᠢ᠌ᠵᠤ

ᠣᠷᠣᠢ᠌ᠳᠠᠯ᠎ᠠ ᠭᠡᠵᠤ ᠭᠡᠯᠡᠶ᠎ᠡ


ᠭᠦᠮᠤᠨ ᠪᠦᠭᠦᠨ ᠳᠤ ᠣᠤᠭᠠᠨ ᠳᠤᠷᠠᠯᠠᠯ ᠪᠠᠢ᠌ᠳᠠᠭ ᠰᠢᠭ

ᠭᠦᠳᠡᠭᠡᠨ ᠤ ᠮᠠᠯᠴᠢᠨ ᠨᠠᠳᠠ ᠳᠤ ᠴᠤ ᠪᠠᠢ᠌ᠳᠠᠭ

ᠭᠡᠮᠵᠢᠶ᠎ᠡ ᠳᠤᠮᠵᠢᠶ᠎ᠠ᠂ ᠭᠦᠡᠳᠤ ᠶᠢᠨ ᠵᠢᠩ᠂ ᠭᠦᠷᠢᠶ᠎ᠡ ᠴᠠᠷ᠎ᠠ ᠨᠢ ᠠᠳᠠᠯᠢ ᠥᠭᠡᠢ

ᠭᠦᠰᠡᠭᠦ ᠶᠠᠭᠤᠮ᠎ᠠ ᠲᠡᠶ ᠯᠠ ᠬᠤᠴᠤᠷᠳᠠᠭ ᠠᠯᠠᠮᠠᠷ ᠳᠠᠷᠠ ᠵᠢᠷᠦᠭᠡ ᠵᠢ


ᠣᠢ᠌ᠯᠭᠠᠬᠤ ᠡᠴᠠ ᠪᠠᠨ ᠡᠮᠤᠨ᠎ᠡ ᠣᠷᠠᠴᠢᠬᠠᠳᠠᠭ ᠨᠢ ᠪᠣᠢ

ᠣᠢ᠌ᠯᠭᠠᠴᠢᠬᠠᠭᠠᠤᠨ ᠰᠠᠯᠴᠢᠬᠠᠳᠠᠭ ᠨᠢ ᠪᠣᠢ

ᠣᠯᠴᠢᠬᠠᠭᠠᠤᠨ ᠠᠯᠳᠠᠴᠢᠬᠠᠳᠠᠭ ᠨᠢ ᠪᠣᠢ

ᠣᠪᠠᠢ᠌ᠨ ᠳᠤ ᠦᠭᠡᠶ ᠶᠠᠪᠣᠴᠢᠬᠠᠳᠠᠭ ᠨᠢ ᠪᠣᠢ


ᠭᠡᠪᠠᠴᠤ ᠮᠢᠨᠤ ᠣᠤᠭᠠᠨ ᠳᠤᠷᠠᠯᠠᠯ ᠭᠡᠵᠤ

ᠭᠡᠮ ᠦᠭᠡᠶ ᠨᠢᠭᠡᠨ ᠵᠢᠷᠦᠭᠡ ᠭᠡᠵᠤ

ᠭᠦᠮᠤᠨ ᠪᠦᠭᠦᠨ ᠳᠤ ᠭᠡᠯᠡᠭᠡᠳ ᠦᠭ‍ᠭᠦᠶ᠎ᠡ


ᠠᠷᠪᠠᠨ ᠳᠦᠷᠪᠠ


ᠭᠦᠮᠤᠨ ᠪᠦᠭᠦᠨ ᠳᠤ ᠭᠡᠯᠡᠭᠡᠳ ᠦᠭ‍ᠭᠦᠶ᠎ᠡ

ᠬᠦᠬᠡᠬᠤᠲᠠ ᠦᠨᠡᠨ ᠳᠡᠭᠡᠨ ᠣᠷᠤᠭ᠎ᠠ ᠦᠭᠡᠶ ᠪᠢᠯᠠ

ᠭᠦᠰᠡᠷᠳᠡᠭ᠍ᠰᠡᠨ ᠳᠤᠷᠠᠯᠠᠯ ᠤᠨ ᠭᠡᠢ᠌ᠷᠭᠡᠯ ᠵᠢᠠᠷ

ᠭᠡᠢ ᠰᠠᠨᠠᠵᠤ ᠪᠠᠶᠠᠷᠯᠠᠵᠤ ᠪᠢᠯᠠ


ᠭᠡᠳᠡᠭᠡᠯᠡᠭᠡᠳ ᠥᠩᠭᠡᠷᠡᠭ᠍ᠰᠡᠨ ᠣᠤᠭᠠᠨ ᠳᠤᠷᠠᠯᠠᠯ ᠵᠢᠠᠨ

ᠭᠡᠷ ᠡᠴᠠ ᠪᠠᠨ ᠪᠢ ᠰᠠᠨᠠᠵᠤ ᠪᠠᠢ᠌ᠨ᠎ᠠ

ᠭᠡᠨᠡᠳᠲᠡ ᠠᠮᠳᠠᠯᠠᠬᠤ ᠳᠤ ᠳᠠᠷᠠ ᠴᠢᠨᠢ ᠭᠠᠰᠢᠭᠤᠨ ᠴᠤ

ᠭᠡᠩᠰᠡᠷᠡᠨ ᠪᠣᠳᠤᠬᠤ ᠳᠤ ᠭᠡᠷᠡᠭ᠌ ᠠᠮᠳᠠᠳᠠᠢ ᠪᠠᠢ᠌ᠨ᠎ᠠ


ᠣᠴᠢᠬᠤ ᠴᠢᠳᠠᠯ ᠦᠭᠡᠶ ᠪᠠᠨ ᠮᠠᠳᠠᠵᠤ ᠪᠠᠢ᠌ᠭᠠᠤᠨ

ᠣᠤᠭᠠᠨ ᠳᠤᠷᠠᠯᠠᠯ ᠭᠡᠵᠤ ᠬᠦᠬᠡᠬᠤᠲᠠ ᠶᠢ ᠨᠢᠭᠡ ᠳᠠᠭᠤᠯᠠᠭᠰᠠᠨ

ᠠᠭᠤᠯᠵᠠᠬᠤ ᠢᠷᠦᠭᠡᠯ ᠦᠭᠡᠶ ᠪᠠᠨ ᠣᠬᠠᠭᠠᠷᠠᠵᠤ ᠪᠠᠢ᠌ᠭᠠᠤᠨ

ᠣᠷᠢᠳᠤ ᠶᠢᠨ ᠠᠮᠠᠷᠠᠭ ᠭᠡᠵᠤ ᠳᠤᠬᠤᠢ ᠦᠬᠢᠨ ᠢ ᠨᠢᠭᠡ ᠪᠢᠴᠢᠭ᠍ᠰᠡᠨ


ᠭᠦᠳᠡᠭᠡ ᠶᠢᠨ ᠳᠠᠷᠠ ᠭᠡᠦᠭᠡᠨ ᠳᠤᠷᠠᠯᠠᠯ ᠭᠡᠳᠡᠭ᠌

ᠭᠦᠷᠳᠡᠭ᠌ ᠦᠭᠡᠶ ᠠᠶᠠᠨ ᠭᠡᠵᠤ ᠭᠡᠯᠳᠡᠷᠭᠡᠢ ᠵᠢᠷᠦᠭᠡ ᠪᠠᠷ ᠶᠢᠡᠨ ᠮᠠᠳᠠᠷᠠᠶ᠎ᠠ


ᠠᠷᠪᠠᠨ ᠳᠠᠪᠣ


ᠣᠤᠭᠠᠨ ᠳᠤᠷᠠᠯᠠᠯ ᠢ ᠪᠢᠴᠢᠭᠦ ᠶᠢᠨ ᠠᠷᠭ᠎ᠠ ᠥᠭᠡᠢ

ᠥᠩᠭᠡ ᠵᠢᠰᠤ ᠶᠢ ᠨᠢ ᠭᠡᠯᠡᠭᠦ ᠶᠢᠨ ᠭᠠᠵᠠᠷ ᠥᠭᠡᠢ

ᠥᠰᠭᠦ ᠨᠠᠰᠤᠨ ᠤ ᠮᠢᠨᠢ ᠳᠠᠭᠤᠤ ᠲᠡᠶ ᠦᠷᠯᠦᠭᠡ

ᠦᠷ᠎ᠡ ᠳ᠋ᠦ᠋ᠩ ᠦᠭᠡᠶ ᠬᠠᠢ᠌ᠷ᠎ᠠ ᠶᠢᠨ ᠳᠤᠬᠠᠢ


ᠵᠤᠯ ᠲᠡᠶ ᠨᠠᠰᠤᠨ ᠤ ᠮᠢᠨᠢ ᠨᠢᠮᠭᠡᠨ ᠳᠡᠦᠭᠡ

ᠭᠠᠳᠤᠯᠤᠭ᠎ᠠ ᠴᠤ ᠦᠭᠡᠶ᠂ ᠭᠡᠳᠦᠯᠦᠭᠡ ᠴᠤ ᠥᠭᠡᠢ

ᠭᠦᠰᠡᠯ ᠮᠦᠷᠦᠭᠡᠳᠦᠯ ᠤᠨ ᠡᠴᠦᠰ ᠤᠨ ᠦᠷᠳᠡᠭᠡ

ᠬᠠᠮᠠᠷ ᠳᠤᠬᠤᠢ ᠶᠢᠨ ᠦᠬᠢᠨ ᠮᠢᠨᠢ


ᠡᠷᠭᠡ ᠦᠭᠡᠶ ᠪᠢ ᠳᠠᠭᠤᠯᠠᠭᠠᠤᠨ ᠦᠭ‍ᠭᠦᠶ᠎ᠡ

ᠴᠠᠪᠠᠷ ᠬᠠᠢ᠌ᠷ᠎ᠠ ᠶᠢᠨ ᠬᠠᠳᠠᠭ ᠶᠢᠡᠨ ᠳᠡᠭᠡᠵᠢᠯᠡᠶ᠎ᠡ

ᠴᠢᠩ ᠦᠨᠡᠠᠴᠢ ᠣᠤᠭᠠᠨ ᠳᠤᠷᠠᠯᠠᠯ ᠳ᠋ᠠᠭᠠᠨ


ᠭᠡᠦᠭᠡᠨ ᠳᠤᠷᠠᠯᠠᠯ ᠶᠢᠡᠨ ᠰᠢᠯᠦᠭ᠌ ᠶᠢᠡᠷ ᠡᠷᠭᠦᠶ᠎ᠡ

ᠭᠦᠮᠤᠨ ᠪᠦᠭᠦᠨ ᠳᠤ ᠭᠡᠯᠡᠭᠡᠳ ᠦᠭ‍ᠭᠦᠶ᠎ᠡ

ᠭᠦᠷᠳᠡᠭ᠌ ᠦᠭᠡᠶ ᠠᠶᠠᠨ ᠭᠡᠵᠤ ᠭᠡᠯᠳᠡᠷᠭᠡᠢ ᠵᠢᠷᠦᠭᠡ ᠪᠠᠷ ᠶᠢᠡᠨ ᠮᠠᠳᠠᠷᠠᠶ᠎ᠠ︕


1998.5.13 ᠣᠩᠭ᠋ᠤᠨ ᠳᠤ ᠪᠢᠴᠢᠵᠤ᠂

2009.11.20 ᠪᠠᠶᠠᠠᠭᠦ᠋ᠷᠢᠶ᠎ᠡ ᠳᠤ ᠵᠠᠰᠠᠨ ᠬᠠᠭᠤᠯᠪᠠ᠃


ᠵᠤᠬᠢᠶᠠᠭᠴᠢ ᠶᠢᠨ ᠬᠠᠶ‍ᠢᠭ᠄ ᠭᠦᠯᠤᠨ ᠪᠣᠢ᠌ᠷ ᠬᠤᠳᠠ ᠶᠢᠨ ᠬᠠᠭᠤᠴᠢᠨ ᠪᠠᠷᠭᠤ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ

ᠵᠤᠬᠢᠶᠠᠭᠴᠢ᠄ ᠰ·ᠡᠩᠬᠡ
ᠬᠠᠷᠢᠶ᠎ᠠ᠄ ᠰᠢᠯᠦᠭ
ᠳᠠᠷᠤᠮ᠄ 1838
ᠴᠠᠭ᠄ 2010 ᠤᠨ ᠤ 06 ᠰᠠᠷ᠎ᠠ ᠶᠢᠨ 03