ᠭᠤᠷᠮᠤᠰᠤᠨ ᠦᠴᠢᠯ

ᠨᠠᠮᠤᠷ ᠤᠨ ᠨᠠᠪᠴᠢ

ᠨᠠᠷᠠᠯᠠᠭ ᠬᠤᠷᠸ᠎ᠠ ᠡᠴᠠ

ᠨᠠᠢ᠌ᠷ ᠦᠭᠡᠶ ᠰᠦᠨᠤᠨ᠎ᠡ


ᠨᠠᠮᠵᠢᠭᠤᠨ ᠵᠢᠷᠦᠭᠡ

ᠨᠠᠷᠠᠨ ᠤ ᠥᠡᠳᠦᠷᠯᠢᠭ᠌ ᠳᠤ

ᠨᠣᠢ᠌ᠷ ᠦᠭᠡᠶ ᠳᠠᠨᠤᠨ᠎ᠡ


ᠬᠠᠪᠣᠷ ᠤᠨ ᠨᠠᠭᠢᠶ᠎ᠠ

ᠬᠠᠨᠠᠭᠠᠷ ᠣᠷᠴᠢᠯᠠᠩ ᠳ᠋ᠤ

ᠬᠠᠯᠢᠶ᠎ᠠ ᠭᠦᠰᠡᠵᠤ ᠢᠷᠠᠨ᠎ᠡ


ᠬᠠᠯᠠᠭᠤᠨ ᠵᠢᠷᠦᠭᠡ

ᠬᠠᠩᠭ᠋ᠠᠢ ᠭᠤᠪᠢ ᠡᠴᠠ

ᠬᠠᠢ᠌ᠷ᠎ᠠ ᠭᠠᠠᠵᠤᠭᠠᠯᠠᠵᠤ ᠪᠣᠴᠠᠨ᠎ᠠ


ᠣᠨ ᠤ ᠭᠦᠷᠳᠤ

ᠣᠷᠴᠢᠬᠤ ᠵᠢᠮ᠎ᠠ ᠪᠠᠷ ᠵᠢᠠᠨ

ᠣᠵᠤᠭᠤᠷ ᠳᠡᠦᠭᠡ ᠳᠡᠯᠭᠡᠨ᠎ᠡ


ᠦᠨᠡᠨ ᠤ ᠳᠡᠷᠭᠡ

ᠥᠭᠡᠷ ᠠᠯᠴᠠᠮᠯᠠᠵᠤ

ᠦᠨᠢᠳᠠ ᠶᠢᠨ ᠴᠢᠨᠠᠷ ᠢ ᠪᠠᠳᠤᠯᠠᠨ᠎ᠠ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1816
ᠴᠠᠭ᠄ 2011 ᠤᠨ ᠤ 10 ᠰᠠᠷ᠎ᠠ ᠶᠢᠨ 30