ᠥᠳᠡᠯᠭᠦ ᠶᠢᠨ ᠲᠦᠯᠦᠭᠡᠨ ᠤ ᠶᠠᠭᠠᠷᠠᠯ

ᠠᠮᠠᠷᠠᠭ ᠬᠠᠯᠠᠭᠤᠨ ᠦᠨᠦᠰᠤᠯᠳᠠ ᠪᠠᠷ ᠵᠢᠷᠭᠠᠵᠤ

ᠠᠯᠢᠶᠠᠯᠠᠵᠤ ᠴᠢᠨᠤᠭᠢ ᠪᠠᠨ ᠡᠯᠢᠭᠡᠨ ᠳᠤ ᠨᠠᠭᠠᠯᠳᠤᠬᠤ ᠳᠤ ᠪᠠᠨ

ᠴᠠᠭ ᠢᠩᠭᠢᠭᠡᠳ ᠯᠠ ᠴᠠᠷᠴᠠᠴᠢᠬᠠᠬᠤ ᠶᠢ ᠭᠦᠰᠡᠨ᠎ᠡ ᠪᠢ

ᠴᠠᠯ ᠪᠣᠭᠤᠷᠤᠯ ᠪᠣᠯᠳᠠᠯ᠎ᠠ ᠠᠮᠢᠳᠤᠷᠠᠬᠤ ᠳᠠᠩᠴᠢ ᠣᠳᠠᠭᠠᠨ ᠁

ᠦᠨᠢᠳᠠ ᠭᠡᠳᠡᠭ᠌ ᠭᠡᠵᠢᠶ᠎ᠡ ᠴᠤ ᠢᠷᠡᠳᠡᠭ᠌ ᠦᠭᠡᠶ ᠴᠠᠭ ᠢ

ᠦᠨᠡᠨ ᠤ ᠬᠤᠷᠸ᠎ᠠ ᠳᠤ ᠵᠢᠷᠤᠭᠯᠠᠵᠤ ᠦᠯᠡᠳᠡᠭᠡᠭᠦ ᠶᠢᠨ ᠲᠦᠯᠦᠭᠡ

ᠦᠰᠦᠨ ᠪᠣᠭᠤᠷᠤᠯᠳᠠᠳᠠᠯ᠎ᠠ ᠪᠠᠨ ᠬᠠᠮᠳᠤ ᠵᠢᠷᠭᠠᠭᠰᠠᠨ ᠴᠠᠳᠢᠭ ᠢ

ᠦᠯᠢᠭᠡᠷ ᠳᠡᠦᠭᠡ ᠪᠣᠯᠭᠠᠵᠤ ᠣᠷᠴᠢᠯᠠᠩ ᠳᠤ ᠪᠢᠴᠢᠭ᠍ᠯᠡᠭᠦ ᠶᠢᠨ ᠲᠦᠯᠦᠭᠡ

ᠬᠤᠷᠳᠤᠬᠠᠨ ᠥᠳᠡᠯᠭᠦ ᠶᠢ ᠪᠢ ᠭᠦᠰᠡᠨ᠎ᠡ

ᠬᠤᠷᠤᠮᠬᠠᠨ ᠤ ᠴᠡᠩᠭᠡᠯ ᠡᠭᠦᠷᠢᠳᠡ ᠶᠢᠨ ᠪᠣᠯᠵᠤ ᠳᠤᠭᠳᠠᠬᠤ ᠶᠢ ᠭᠦᠰᠡᠨ᠎ᠡ


ᠨᠢᠳᠤᠨ ᠴᠡᠴᠡᠭᠡᠢ ᠰᠢᠭ᠌ ᠡᠩᠭᠦᠷᠡᠢ ᠦᠷ᠎ᠡ ᠪᠠᠨ ᠪᠢ ᠬᠤᠷᠳᠤᠬᠠᠨ ᠥᠰᠭᠦ ᠶᠢ ᠭᠦᠰᠡᠨ᠎ᠡ

ᠨᠢᠭᠤᠷ ᠲᠤ ᠮᠢᠨᠢ ᠠᠳᠤᠷᠢᠶ᠎ᠠ᠂ ᠨᠢᠷᠤᠭᠤᠨ ᠳᠤ ᠮᠢᠨᠢ ᠪᠦᠭ᠍ᠳᠦᠷ ᠣᠷᠤᠭᠰᠠᠨ ᠴᠤ

ᠠᠭᠤᠯᠠ ᠰᠢᠭ ᠦᠨᠳᠦᠷ ᠭᠦᠤ ᠶᠢᠨ ᠶᠢᠡᠨ ᠬᠠᠵᠠᠭᠤ ᠳᠤ ᠨᠠᠮᠬᠠᠨ ᠡᠮᠡᠭᠡᠨ ᠪᠣᠯᠵᠤ ᠮᠠᠢ᠌ᠵᠢᠭᠢᠨᠠᠬᠤ ᠶᠠᠭᠤᠳᠠᠢ ᠵᠢᠷᠭᠠᠯ

ᠷᠠᠳᠢᠤ᠋ ᠱᠤᠤᠭᠢᠭᠤᠯᠵᠤ ᠡᠪᠦᠭᠡᠨ ᠲᠡᠶ ᠪᠠᠨ ᠳᠠᠶᠠᠭ ᠶᠢᠡᠨ ᠪᠣᠯᠢᠶᠠᠯᠳᠤᠬᠤ ᠶᠠᠭᠤᠳᠠᠢ ᠰᠠᠢ᠌ᠬᠠᠨ

ᠨᠠᠰᠤ ᠨᠠᠰᠤᠨ ᠤ ᠭᠡᠷᠡᠯ ᠭᠢᠯᠪᠠᠭ᠎ᠠ ᠣᠠᠳᠤᠤ ᠪᠠᠢ᠌ᠳᠠᠭ

ᠥᠳᠡᠭᠦᠰ ᠤᠨ ᠬᠠᠷᠠᠴᠠᠨ ᠳ᠋ᠠᠭᠢ ᠠᠮᠢᠳᠤᠷᠠᠯ ᠤᠨ ᠥᠩᠭᠡ ᠶᠢ ᠪᠢ ᠪᠠᠬᠠᠷᠳᠠᠭ

ᠰᠤᠯᠤᠩᠭ᠋ᠠᠨ ᠥᠩᠭᠡᠳᠡᠢ ᠵᠠᠯᠠᠭᠤ ᠨᠠᠰᠤᠨ ᠳᠤ ᠪᠠᠨ ᠪᠢ ᠬᠠᠢ᠌ᠷᠠᠳᠠᠢ ᠴᠤ

ᠨᠠᠷ᠎ᠠ ᠠᠯᠳᠠᠷ ᠤᠨ ᠭᠢᠯᠪᠠᠭ᠎ᠠ᠂ ᠨᠡᠮᠡᠭᠦᠨ ᠳᠤᠭᠳᠠᠭᠤᠨ ᠣᠪᠣᠷ ᠨᠠᠳᠠᠳᠤ ᠴᠤ ᠢᠪᠠᠭᠡᠳᠡᠭ᠌ ᠪᠣᠯ

ᠬᠤᠷᠳᠤᠬᠠᠨ ᠥᠳᠡᠯᠭᠦ ᠶᠢ ᠪᠢ ᠭᠦᠰᠡᠨ᠎ᠡ

ᠬᠤᠷᠭᠤ ᠪᠠᠭᠳᠠᠬᠤ ᠦᠭᠡᠶ ᠪᠦᠳᠦᠭᠡᠯ ᠲᠡᠶ ᠪᠣᠯᠬᠤ ᠶᠢ ᠭᠦᠰᠡᠨ᠎ᠡ

2010.9.3 11᠄ 30



ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1624
ᠴᠠᠭ᠄ 2010 ᠤᠨ ᠤ 09 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ