ᠭᠦᠮᠤᠨ ᠳᠦᠷᠦᠭᠦ ᠳ᠋ᠡᠭᠡᠨ

ᠭᠦᠰᠡᠯ ᠳᠤ ᠣᠭᠵᠢᠭᠳᠠᠵᠤ ᠭᠦᠮᠤᠨ ᠳᠦᠷᠦᠳᠡᠭ᠌

ᠭᠦᠯ ᠳᠤ ᠣᠷᠤᠨ᠎ᠠ ᠭᠡᠮᠡᠨ ᠮᠥᠯᠭᠦᠵᠤ ᠡᠭᠢᠯᠡᠳᠡᠭ᠌

ᠭᠦᠮᠤᠨ ᠪᠣᠯᠤᠨ᠎ᠠ ᠭᠡᠵᠤ ᠭᠦᠴᠦᠯᠡᠵᠤ ᠳᠡᠮᠡᠴᠡᠳᠡᠭ᠌

ᠭᠦᠰᠡᠷ  ᠬᠠᠶᠠ ᠭᠦᠡᠳᠤ ᠤᠢ᠌ᠴᠢᠳᠠᠭ᠃

        ᠭᠠᠠᠵᠤᠭᠠᠨ ᠳᠠᠭᠠᠨ ᠭᠦᠷᠭᠦ ᠭᠡᠮᠡᠨ ᠭᠠᠷ ᠰᠠᠷᠪᠠᠢ᠌ᠨ᠎ᠠ

         ᠭᠠᠵᠠᠷ ᠢ ᠡᠯᠡᠭᠡᠨ᠎ᠡ ᠭᠡᠵᠤ ᠬᠤᠯᠠ ᠶᠠᠪᠣᠨ᠎ᠠ

         ᠭᠠᠷᠮᠠᠭᠠᠢ ᠠᠮᠢᠳᠤᠷᠠᠨ᠎ᠠ ᠭᠡᠮᠡᠨ ᠡᠷᠳᠡᠮ ᠳᠤ ᠭᠢᠴᠢᠶᠠᠨ᠎ᠠ

         ᠭᠠᠰᠢᠭᠤᠨ ᠢ ᠮᠠᠷᠳᠠᠬᠤ ᠭᠡᠵᠤ ᠵᠢᠷᠭᠠᠯ ᠳᠤ ᠱᠤᠩᠪᠠᠨ᠎ᠠ᠃   

ᠡᠯᠳᠡᠪ ᠠᠵᠢᠯ ᠲᠡᠶ ᠡᠭᠢᠯᠡᠵᠤ ᠣᠷᠤᠯᠳᠤᠨ᠎ᠠ

ᠡᠪᠰᠡᠵᠤ ᠡᠶᠡᠳᠡᠵᠤ ᠳᠤᠢᠮ᠎ᠠ ᠳᠠᠭᠢᠨ᠎ᠠ

ᠡᠷᠢᠶᠡᠨ ᠪᠠᠷᠠᠭᠠᠨ ᠲᠡᠶ ᠳᠠᠪᠳᠠᠵᠤ ᠳᠠᠨᠢᠯᠴᠠᠨ᠎ᠠ

ᠡᠷ᠎ᠡ ᠪᠠᠶ᠎ᠠ ᠪᠠᠨ ᠵᠥᠳᠡᠭᠡᠵᠤ ᠣᠬᠠᠭᠠᠷᠠᠨ᠎ᠠ᠃

          ᠪᠣᠷᠬᠠᠨ ᠴᠢᠳᠭᠦᠷ ᠲᠡᠶ ᠨᠢᠭᠤᠵᠤ ᠳᠤᠭᠯᠠᠨ᠎ᠠ

          ᠪᠣᠶᠠᠨ ᠨᠢᠭᠦᠯ ᠲᠡᠶ ᠮᠦᠷᠤᠢ ᠳᠠᠯᠪᠢᠨ᠎ᠠ

          ᠪᠣᠭᠤᠷᠤᠯ ᠪᠣᠯᠳᠠᠯ᠎ᠠ ᠪᠠᠨ ᠪᠣᠳᠤᠯ ᠰᠠᠯᠪᠢᠨ᠎ᠠ

          ᠪᠣᠯᠬᠤ᠂ ᠪᠣᠯᠬᠤ ᠦᠭᠡᠶ ᠲᠡᠶ ᠳᠤᠯᠭᠠᠷᠠᠵᠤ ᠰᠠᠯᠤᠨ᠎ᠠ᠃

ᠠᠳᠠᠭ᠎ᠠ ᠵᠢᠳᠦᠭᠡ ᠳᠤ ᠠᠪᠳᠠᠵᠤ ᠰᠢᠷᠠᠯᠠᠨ᠎ᠠ

ᠠᠪᠴᠠᠭ᠎ᠠ ᠥᠭ᠍ᠴᠦᠭᠡ ᠳᠤ ᠳᠤᠭᠠᠴᠠᠵᠤ ᠴᠠᠭᠠᠷᠠᠨ᠎ᠠ

ᠡᠡᠶ‍ᠦᠯ ᠭᠡᠨᠡᠨ ᠳᠤ ᠣᠨᠠᠵᠤ ᠰᠡᠭᠡᠭᠡᠷᠡᠨ᠎ᠡ

ᠠᠪᠣ ᠶᠢᠨ ᠬᠡᠦᠬᠡᠳ ᠲᠡᠶ ᠡᠪᠰᠡᠵᠤ ᠡᠪᠳᠡᠷᠡᠨ᠎ᠡ᠃

          ᠭᠡᠵᠢᠶ᠎ᠡ ᠬᠣᠢ᠌ᠨ᠎ᠠ ᠨᠢ ᠭᠡᠯᠡ ᠪᠣᠯᠳᠣᠢ᠌ᠨ᠎ᠠ

          ᠭᠡᠷᠡᠭ᠌ ᠲᠡᠶ ᠭᠡᠷᠡᠭ᠌ ᠦᠭᠡᠶ ᠣᠯᠠᠨ ᠢ ᠭᠢᠨ᠎ᠠ

          ᠭᠡᠨ ᠪᠤᠯᠪᠠᠴᠤ ᠥᠭᠦᠳᠡᠭ᠌ ᠶᠤᠰᠤ ᠶᠢ

          ᠭᠡᠩᠭᠦᠳᠡᠭ᠌ ᠳᠠᠯᠠᠳᠴᠤ ᠳᠦᠩᠭᠡᠵᠤ ᠮᠠᠳᠠᠨ᠎ᠠ᠃


                                                2011.8.8


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠬᠠᠷᠢᠶ᠎ᠠ᠄ ᠰᠢᠯᠦᠭ
ᠳᠠᠷᠤᠮ᠄ 1826
ᠴᠠᠭ᠄ 2011 ᠤᠨ ᠤ 11 ᠰᠠᠷ᠎ᠠ ᠶᠢᠨ 22