ᠪᠢ ᠠᠭᠳᠠ ᠶᠤᠮ

ᠦᠶ᠎ᠡ ᠪᠣᠯᠭᠠᠨ ᠳᠤ ᠪᠠᠨ ᠥᠰᠦᠭ᠌ ᠳᠠᠢ

ᠦᠰᠦᠨ ᠪᠣᠯᠭᠠᠨ ᠳᠤ ᠪᠠᠨ ᠥᠵᠦᠭ᠌ ᠳᠠᠢ

ᠶ‍ᠢᠰᠤᠨ ᠳᠡᠭ᠍ᠷᠢ ᠡᠴᠠ ᠪᠢ ᠪᠠᠭᠤᠭᠰᠠᠨ ᠶᠤᠮ

ᠶ‍ᠢᠷᠳᠢᠠᠴᠤ ᠶᠢᠨ ᠬᠠᠭᠤᠳᠠᠰᠤᠨ ᠳᠡᠭᠡᠷ᠎ᠡ ᠳᠤᠷᠠᠢ᠌ᠭᠰᠠᠨ ᠶᠤᠮ︕

ᠳᠠᠢ᠌ᠨ ᠤ ᠢᠯᠠᠯᠳᠠ ᠶᠢᠨ ᠲᠦᠯᠦᠭᠡ

ᠳᠠᠢ᠌ᠴᠢᠨ ᠬᠠᠨᠢ ᠪᠠᠨ ᠡᠷᠭᠦᠵᠤ ᠪᠢ

ᠨᠢᠳᠤ ᠦᠭᠡᠶ ᠭᠦᠭᠡ ᠰᠤᠮᠤ ᠰᠢᠭ

ᠨᠢᠭᠦᠯᠳᠤ ᠳᠠᠢ᠌ᠰᠤᠨ ᠶᠢᠡᠨ ᠳᠦᠷᠢᠵᠤ ᠶᠠᠪᠣᠭᠰᠠᠨ ᠶᠤᠮ︕

ᠦᠷᠡᠭ᠍ᠳᠡᠪᠠᠯ ᠪᠢ ᠳᠤᠭ ᠤᠨ ᠳᠡᠭᠡᠷ᠎ᠡ ᠨᠢ

ᠰᠦᠰᠦ ᠵᠤᠷᠢᠭ ᠤᠨ ᠭᠡᠷᠡᠴᠢ ᠪᠣᠯᠵᠤ ᠨᠠᠮᠢᠷᠠᠳᠠᠭ

ᠦᠯᠠᠳᠠᠪᠠᠯ ᠪᠢ ᠳᠤᠭ ᠤᠨ ᠳᠤᠤᠷ᠎ᠠ ᠨᠢ

ᠰᠦᠷ ᠭᠦᠴᠤᠨ ᠤ ᠡᠩᠨᠡᠭᠡ ᠪᠣᠯᠵᠤ ᠳᠤᠪᠳᠤᠯᠳᠠᠭ︕

ᠵᠤᠪᠠᠯ ᠵᠢᠷᠭᠠᠯ ᠤᠨ ᠭᠢᠯᠢ ᠰᠠᠭᠢᠵᠤ ᠪᠢ

ᠵᠤᠭᠰᠤᠭ᠎ᠠ ᠪᠠᠷ ᠶᠢᠡᠨ ᠣᠠᠳᠠᠳᠠᠭ ᠵᠠᠩᠰᠢᠯ ᠲᠡᠶ

ᠵᠤᠳᠤᠭᠳᠤ ᠡᠷᠡᠴᠦᠳ ᠤᠨ ᠵᠤᠷᠢᠭ ᠬᠤᠷᠴᠠᠯᠠᠵᠤ ᠪᠢ

ᠳᠤᠭᠤᠷᠠᠢ ᠪᠠᠷ ᠶᠢᠡᠨ ᠰᠡᠢ᠌ᠯᠦᠭ᠍ᠰᠡᠨ ᠳᠡᠦᠭᠡ ᠲᠡᠶ︕

ᠳᠤᠷᠠᠳᠠᠢ ᠪᠢ ᠡᠵᠡᠨ ᠤ ᠪᠠᠨ ᠲᠦᠯᠦᠭᠡ

ᠳᠤᠭᠳᠤᠯᠠᠨ ᠦᠷᠡᠭ᠍ᠳᠡᠵᠤ ᠣᠮᠤᠭᠰᠢᠨ ᠣᠷᠤᠰᠳᠠᠭ ᠪᠣᠯᠬᠤᠷ

ᠳᠠᠭᠤᠤ ᠰᠢᠯᠦᠭ᠌ ᠤᠨ ᠭᠦᠷᠦᠰᠤ ᠶᠢ ᠪᠢ

ᠬᠤᠷ᠎ᠠ ᠰᠢᠭ ᠱᠠᠭᠢᠨ ᠣᠮᠳᠠᠯᠠᠳᠠᠭ ᠶᠤᠮ᠃

ᠳᠡᠭ᠍ᠵᠢᠨ ᠴᠤᠪᠣᠭᠤ ᠠᠭᠠᠰᠢ ᠶᠢ ᠮᠢᠨᠢ

ᠥᠭ᠍ᠳᠡᠨ ᠭᠡᠵᠤ ᠳᠤᠭᠳᠠᠷᠠᠳᠠᠭ

ᠳᠡᠩᠳᠡᠭᠦᠤ ᠳᠠᠢ᠌ᠪᠣᠩ ᠵᠠᠩ ᠶᠢ ᠮᠢᠨᠢ

ᠬᠠᠰᠢᠩ ᠭᠡᠵᠤ ᠳᠠᠪᠢᠳᠠᠭ︕

ᠬᠤᠷᠳᠤᠨ ᠳᠤᠪᠳᠤᠯᠬᠤ ᠭᠦᠶ‍ᠦᠳᠡᠯ ᠢ ᠮᠢᠨᠢ

ᠳᠠᠪᠭᠢᠶ᠎ᠠ ᠭᠡᠨ᠎ᠡ

ᠬᠤᠯᠠ ᠳᠤᠭᠤᠯᠬᠤ ᠡᠷᠴᠢ ᠶᠢ ᠮᠢᠨᠢ

ᠬᠠᠳᠠᠷᠢᠶ᠎ᠠ ᠭᠡᠨ᠎ᠡ᠃

ᠬᠠᠳᠠᠨ ᠤ ᠰᠢᠷᠦᠭᠦᠨ ᠭᠦᠷᠭᠢᠷ᠎ᠡ ᠰᠢᠭ

ᠬᠠᠶᠠᠯᠠᠨ ᠪᠠᠭᠤᠬᠤ ᠰᠡᠭᠦᠯ ᠲᠡᠶ ᠶᠤᠮ

ᠬᠠᠷᠴᠠᠭᠠᠢ ᠰᠢᠪᠠᠭᠤᠨ ᠤ ᠵᠢᠭᠦᠷ ᠰᠢᠭ᠌

ᠬᠠᠯᠢᠨ ᠳᠡᠭᠦᠯᠢᠭᠦ ᠳᠠᠯ ᠲᠡᠶ ᠶᠤᠮ᠃

ᠠᠭᠤᠳᠠᠮ ᠳᠠᠯ᠎ᠠ ᠪᠠᠨ ᠳᠠᠭᠤᠷᠢᠶᠠᠵᠤ ᠪᠢ

ᠨᠥᠭᠦᠷᠯᠡᠭᠦ ᠶᠢ ᠰᠤᠷᠤᠭᠰᠠᠨ ᠶᠤᠮ

ᠣᠰᠤᠨ ᠤ ᠣᠷᠠᠨ ᠢ ᠳᠠᠭᠤᠷᠢᠶᠠᠵᠤ ᠪᠢ

ᠵᠢᠷᠤᠭ᠎ᠠ ᠶᠢ ᠰᠤᠷᠤᠭᠰᠠᠨ ᠶᠤᠮ᠃

ᠬᠤᠷᠳᠤᠨ ᠭᠦᠶ‍ᠦᠳᠡᠯ ᠤᠨ ᠴᠢᠰᠤᠨ ᠣᠳᠤᠮ ᠪᠢ

ᠵᠢᠭᠦᠷᠳᠡᠨ ᠤ ᠡᠪᠴᠢᠭᠦᠤ ᠳᠠᠢ

《ᠬᠤᠶᠠᠷ ᠵᠢᠭᠠᠯ》 ᠊ᠤᠨ ᠦᠨᠡᠨ ᠳᠤᠮᠤᠭ ᠪᠢ

ᠭᠦᠮᠤᠨ ᠤ ᠣᠬᠠᠭᠠᠨ ᠲᠡᠶ᠃

ᠠᠠᠳᠠ ᠶᠢᠨ ᠰᠠᠢ᠌ᠨ ᠢ ᠴᠢᠩᠭᠢᠰ

《ᠭᠦᠯᠦᠭ᠌》 ᠭᠡᠵᠤ ᠳᠠᠭᠤᠳᠠᠳᠠᠭ

ᠠᠭᠳᠠ ᠶᠢᠨ ᠰᠠᠢ᠌ᠨ ᠢ ᠴᠢᠩᠭᠢᠰ

ᠠᠷᠤᠠᠵᠤᠯ ᠭᠡᠵᠤ ᠮᠠᠭᠳᠠᠳᠠᠭ᠃

ᠳᠠᠯ ᠰᠡᠭᠦᠯ ᠤᠨ ᠰᠤᠷ ᠮᠢᠨᠢ

ᠰᠦᠯᠳᠡ ᠪᠣᠯᠵᠤ ᠨᠠᠮᠢᠷᠠᠨ᠎ᠠ

ᠳᠠᠯᠠᠩ ᠤᠨ ᠴᠠᠭᠠᠨ ᠰᠥ᠋ ᠮᠢᠨᠢ

ᠰᠠᠷᠬᠤᠤᠨ ᠪᠣᠯᠵᠤ ᠰᠤᠭᠳᠤᠭᠠᠨ᠎ᠠ ︕

ᠦᠣᠷᠰᠠᠨ ᠳᠠᠭᠤᠯᠠᠬᠤ ᠬᠤᠭᠤᠷ ᠪᠣᠯᠵᠤ ᠪᠢ

ᠡᠵᠡᠨ ᠶᠢᠡᠨ ᠠᠷᠭᠠᠳᠠᠳᠠᠭ

ᠥᠵᠡᠭᠦ ᠨᠠᠭᠠᠳᠤᠮ ᠤᠨ ᠴᠡᠭ᠌ ᠪᠣᠯᠵᠤ ᠪᠢ

ᠬᠤᠳᠠᠯᠠ ᠶᠢ ᠪᠠᠶᠠᠰᠬᠠᠳᠠᠭ᠃

ᠳᠠᠩᠨᠠᠵᠤ ᠬᠤᠶᠠᠷ ᠳᠢᠪ ᠢ ᠳᠤᠭᠤᠯᠤᠭᠰᠠᠨ

ᠳᠡᠩᠭᠡᠭᠡ ᠪᠢ ᠪᠠᠢ᠌ᠪᠠ

ᠳᠠᠪᠴᠢᠶᠠᠷᠢ ᠪᠠᠷ ᠮᠢᠩᠭ᠋ᠠᠨ ᠵᠠᠭᠤᠨ ᠰᠤᠠᠳᠠᠯᠠᠭᠰᠠᠨ

ᠳᠡᠭ᠍ᠷᠢ ᠶᠢᠨ ᠣᠨᠠᠭ᠎ᠠ ᠴᠤ ᠪᠢ ᠪᠠᠢ᠌ᠪᠠ᠃

ᠠᠯᠤᠰ ᠬᠤᠯᠠ ᠶᠢᠨ ᠳᠡᠷᠳᠡᠭᠡ ᠡᠴᠠ

ᠭᠠᠵᠠᠷᠯᠠᠵᠤ ᠪᠢ ᠨᠤᠳᠤᠭ ᠲᠠᠭᠠᠨ ᠪᠣᠴᠠᠳᠠᠭ

ᠠᠯᠳᠠᠷᠠᠵᠤ ᠨᠢᠷᠤᠭᠤᠨ ᠡᠴᠠ ᠮᠢᠨᠢ ᠤᠢ᠌ᠴᠢᠪᠠᠯ

ᠠᠪᠣᠷᠠᠵᠤ ᠪᠢ ᠳᠠᠯ ᠶᠢᠡᠨ ᠳᠡᠪᠢᠰᠳᠡᠭ᠌᠃

ᠭᠦᠮᠤᠨ ᠤ ᠡᠷᠭᠢᠮ ᠣᠨᠤᠭ᠎ᠠ ᠪᠣᠯᠵᠤ

ᠭᠦᠯᠦᠭ᠌ ᠪᠣᠯᠤᠨ ᠳᠠᠪᠭᠢᠵᠤ ᠪᠠᠢ᠌ᠨ᠎ᠠ

ᠭᠦᠰᠡᠯ ᠤᠨ ᠴᠠᠭᠠᠨ ᠳᠠᠯᠠᠪᠴᠢ ᠨᠢ ᠪᠣᠯᠵᠤ ᠪᠢ

ᠭᠡᠢ᠌ᠮᠦᠷᠢᠨ ᠳᠠᠷᠴᠤᠭ ᠳᠤᠨᠢ ᠨᠠᠮᠢᠷᠠᠵᠤ ᠪᠠᠢ᠌ᠨ᠎ᠠ

ᠣᠢ᠌ᠯᠠ ᠶᠢᠨ ᠰᠠᠢ᠌ᠬᠠᠨ ᠵᠦᠩ ᠨᠢ ᠪᠣᠯᠵᠤ ᠪᠢ

ᠵᠡᠭᠦᠳᠤᠨ ᠳᠤ ᠳᠠᠨᠢ ᠭᠦᠷᠤᠨ᠎ᠡ

ᠣᠢ᠌ᠯᠠᠰ ᠤᠨ ᠰᠠᠢ᠌ᠬᠠᠨ ᠪᠠᠯᠭᠡ ᠨᠢ ᠪᠣᠯᠵᠤ ᠪᠢ

ᠱᠠᠭ᠎ᠠ ᠲᠤ ᠳᠠᠨᠢ ᠪᠠᠭᠤᠨ᠎ᠠ︕

ᠳᠣᠢ᠌ᠮᠤᠷ ᠤᠨ ᠰᠢᠷᠦᠭᠦᠨ ᠭᠠᠯ ᠨᠢ ᠪᠣᠯᠵᠤ ᠪᠢ

ᠳᠡᠦᠭᠡ ᠶᠢᠨ ᠬᠠᠭᠤᠳᠠᠰᠤᠨ ᠳᠤ ᠳᠤᠪᠳᠤᠯᠤᠨ᠎ᠠ

ᠲᠦᠮᠡᠨ ᠠᠭᠳᠠ ᠶᠢᠨ ᠰᠦᠷ ᠨᠢ ᠪᠣᠯᠵᠤ ᠪᠢ

ᠬᠤᠭᠤᠷ ᠤᠨ ᠵᠢᠷᠦᠭᠡᠨ ᠡᠴᠠ ᠠᠰᠬᠠᠷᠠᠨ᠎ᠠ

ᠰᠢᠳᠦᠭ᠍ᠳᠡᠵᠤ ᠪᠢ ᠣᠯᠤᠰ ᠤᠨ ᠰᠦᠯᠳᠡᠨ ᠳᠡᠭᠡᠷ᠎ᠡ

ᠨᠠᠷᠠ ᠰᠠᠷᠠ ᠭᠠᠯ ᠲᠡᠶ ᠪᠠᠨ

ᠰᠡᠢ᠌ᠯᠦᠭ᠍ᠳᠡᠵᠤ ᠪᠢ ᠠᠭᠤᠳᠠᠮ ᠳᠠᠯᠠᠪᠠᠢ ᠳᠡᠭᠡᠷ᠎ᠡ

ᠨᠠᠷ᠎ᠠ ᠰᠦᠷ ᠭᠦᠴᠤ ᠲᠡᠶ ᠪᠠᠨ

ᠵᠢᠷᠤᠭᠳᠤ ᠶᠢᠨ ᠮᠦᠩᠭᠦᠨ ᠳᠡᠯᠭᠡᠴᠡᠨ ᠳ᠋ᠤ

ᠰᠠᠴᠤᠷᠠᠵᠤ ᠨᠢᠰᠤᠨᠠᠮ

ᠵᠢᠷᠤᠭ ᠤᠨ ᠠᠯᠳᠠᠨ ᠬᠠᠯᠢᠰᠤᠨ ᠳ᠋ᠤ

ᠮᠦᠩᠭᠡᠷᠡᠵᠤ ᠦᠯᠠᠳᠠᠨᠠᠮ︕

ᠳᠡᠭ᠍ᠷᠢ ᠶᠢᠨ ᠭᠦᠯᠦᠭ᠌ ᠪᠣᠯᠬᠤᠷ ᠪᠢ

ᠰᠠᠷᠠᠨ ᠮᠠᠩᠨᠠᠢ ᠳᠠᠢ

ᠳᠡᠷᠭᠡᠯ ᠵᠠᠭᠤᠨ ᠤ ᠰᠤᠯᠢᠷ ᠪᠣᠯᠬᠤᠷ ᠪᠢ

ᠨᠢᠮᠭᠡᠨ ᠵᠢᠶᠠᠭ᠎ᠠ ᠳᠠᠢ

ᠡᠯᠡᠰᠤᠨ ᠰᠢᠭᠤᠷᠭ᠎ᠠ ᠰᠢᠭ ᠴᠥᠯᠡᠭ᠍ᠳᠡᠵᠤ

ᠡᠵᠡᠭᠦᠢᠷᠡᠵᠤ ᠪᠢ ᠬᠠᠶᠠ ᠣᠭᠢᠯᠠᠳᠠᠭ

ᠡᠭᠡᠷᠮ᠎ᠡ ᠳᠠᠯ᠎ᠠ ᠳᠠᠭᠠᠨ

ᠨᠢᠯᠪᠣᠰᠤ ᠪᠣᠯᠤᠨ ᠬᠤᠷᠭᠤᠳᠠᠵᠤ

ᠡᠵᠡᠨ ᠶᠢᠡᠨ ᠪᠢ ᠦᠷᠭᠦᠯᠵᠢ ᠳᠤᠷᠠᠰᠳᠠᠭ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1735
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ