ᠭᠡᠳᠡᠷᠭᠡᠨ ᠤ ᠰᠦᠨᠢ

ᠬᠤᠯᠠ ᠳᠤ ᠠᠳᠤᠭᠤ ᠢᠠᠴᠠᠭᠠᠨ᠎ᠠ

ᠬᠤᠯᠠ ᠳᠤ ᠴᠢᠨ᠋ᠸ᠎ᠠ ᠣᠯᠢᠨ᠎ᠠ

ᠬᠤᠯᠠ ᠳᠤ ᠵᠡᠭᠡᠷ᠎ᠡ ᠳᠠᠰᠢᠨ᠎ᠠ

ᠡᠨᠡ ᠪᠦᠭᠦᠨ ᠬᠤᠯᠠᠳᠠᠭᠰᠠᠭᠠᠷ ᠬᠤᠯᠠᠳᠠᠭᠰᠠᠭᠠᠷ


ᠤᠢ᠌ᠷ᠎ᠡ ᠳᠤ ᠰᠠᠯᠭᠢ ᠰᠢᠷᠦᠭᠦᠰᠦᠨ᠎ᠡ

ᠤᠢ᠌ᠷ᠎ᠡ ᠳᠤ ᠠᠭᠤᠯᠠᠰ ᠨᠢᠴᠦᠭᠦᠷᠡᠨ᠎ᠡ

ᠤᠢ᠌ᠷ᠎ᠡ ᠳᠤ ᠭᠡᠳᠡᠷᠭᠡᠨ ᠪᠣᠯᠠᠭ ᠳᠠᠳᠠᠷᠠᠨ᠎ᠠ

ᠡᠨᠡ ᠪᠦᠭᠦᠨ ᠤᠢ᠌ᠷᠠᠳᠤᠭᠰᠠᠭᠠᠷ ᠤᠢ᠌ᠷᠠᠳᠤᠭᠰᠠᠭᠠᠷ


ᠣᠯᠬᠤ ᠶᠤᠰᠤ ᠦᠭᠡᠶ ᠪᠠᠨ ᠪᠢᠳᠠ

ᠣᠯᠵᠤ ᠯᠠ ᠪᠠᠢ᠌ᠨ᠎ᠠ

ᠠᠯᠳᠠᠬᠤ ᠶᠢᠨ ᠣᠴᠢᠷ ᠦᠭᠡᠶ ᠪᠠᠨ ᠮᠠᠨᠤᠰ

ᠠᠯᠳᠠᠵᠤ ᠯᠠ ᠪᠠᠢ᠌ᠨ᠎ᠠ

ᠡᠨᠡ ᠪᠦᠭᠦᠨ ᠦᠷᠭᠦᠯᠵᠢᠯᠡᠭ᠍ᠰᠡᠭᠡᠷ ᠦᠷᠭᠦᠯᠵᠢᠯᠡᠭ᠍ᠰᠡᠭᠡᠷ


ᠴᠢ ᠨᠠᠮ᠎ᠠ ᠳᠤ ᠴᠡᠷᠢᠭᠯᠡᠨ᠎ᠡ

ᠪᠢ ᠣᠢ ᠳᠠᠰᠢ ᠪᠠᠨ ᠳᠠᠢ᠌ᠯᠠᠨ᠎ᠠ

ᠣᠢ ᠶᠢᠨ ᠪᠦᠳᠦᠨ᠎ᠡ ᠭᠦᠷᠳᠡᠯ᠎ᠡ ᠴᠥᠭᠡᠷᠡᠴᠢᠭᠡᠯ᠎ᠡ

ᠴᠢ ᠪᠠᠰᠠ ᠨᠠᠳᠠ ᠳᠤ ᠴᠡᠷᠢᠭᠯᠡᠨ᠎ᠡ ᠦᠦ︖


ᠬᠤᠨᠢ ᠪᠠᠨ ᠬᠠᠰᠢᠶᠠᠯᠠᠵᠤ ᠢᠮᠠᠭ᠎ᠠ ᠪᠠᠨ ᠬᠤᠳᠠᠯᠳᠤᠪᠠ

ᠪᠢ ᠶᠠᠭᠤᠨ ᠳᠤ ᠣᠳᠤᠷᠯᠠᠪᠠ

ᠣᠢ᠌ᠯᠠ ᠡ᠂ ᠶᠤᠰᠤᠳᠠᠢ ᠣᠢ᠌ᠯᠠ︕


ᠴᠠᠰᠤ ᠲᠡᠶ ᠰᠦᠨᠢ ᠨᠠᠮ ᠵᠢᠮᠭᠡᠨ

ᠪᠢ

ᠭᠡᠳᠡᠷᠭᠡᠨ ᠤ ᠣᠰᠤᠨ ᠭᠦᠯᠳᠡᠭᠦ ᠳᠠᠭᠤᠨ ᠢ

ᠵᠢᠷᠦᠭᠡ ᠪᠠᠷ ᠶᠢᠡᠨ ᠴᠢᠩᠨᠠᠵᠤ ᠭᠡᠪᠳᠡᠪᠡ

ᠭᠡᠳᠡᠯ᠎ᠡ ᠳᠠᠷᠠ ᠮᠠᠨᠢ

ᠴᠠᠷᠴᠠᠬᠤ ᠴᠤ ᠦᠭᠡᠶ ᠬᠤᠷᠴᠢᠭᠢᠨᠠᠵᠤ

ᠰᠡᠳᠭᠢᠯ ᠭᠡᠵᠢᠭᠡᠳᠡᠨ᠎ᠡ ᠪᠢᠯᠠ


ᠭᠡᠳᠡᠷᠭᠡᠨ ᠤ ᠡᠷᠭᠢ ᠶᠢᠨ ᠪᠣᠷᠤ ᠬᠠᠷᠴᠠᠭᠠᠢ

ᠪᠣᠳᠤᠯ ᠤᠨ ᠨᠠᠮᠠᠭᠠᠨ ᠳᠤ ᠮᠢᠨᠢ ᠰᠠᠭᠤᠴᠢᠬᠠᠭᠠᠤᠨ

ᠨᠠᠳᠠ ᠲᠡᠶ ᠳᠡᠦᠭᠡ ᠭᠦᠦᠷᠨᠢᠪᠡ

ᠪᠢᠳᠠᠨ ᠤ ᠶᠠᠭᠤ ᠭᠦᠦᠷᠨᠢᠭ᠍ᠰᠡᠨ ᠢ

ᠭᠦᠮᠦᠰ ᠮᠡᠳᠡᠳᠡᠭ᠌ ᠪᠣᠯ ᠦᠦ︖


ᠲ᠋ᠡᠭ᠍ᠷᠢ ᠶᠢᠨ ᠭᠢᠵᠠᠭᠠᠷ ᠲᠤ

ᠡᠭᠦᠯᠡᠰ ᠰᠢᠳᠠᠵᠤ ᠪᠠᠢ᠌ᠪᠠ

ᠪᠢ

ᠣᠠᠳᠠᠷᠠᠭᠠᠬᠤ ᠶᠢ ᠳᠤᠷᠠᠯᠠᠭᠰᠠᠨ ᠦᠭᠡᠶ

ᠳᠡᠭᠡᠷ᠎ᠡ ᠨᠢ ᠳᠤᠰᠤ ᠨᠠᠮᠠᠪᠠ


ᠵᠡᠭᠦᠳᠤ ᠦᠭᠡᠶ ᠭᠦᠮᠤᠨ ᠳᠤ

ᠰᠦᠨᠢ ᠶᠠᠷᠤᠨᠢ ᠣᠷᠳᠤ ᠪᠠᠢ᠌ᠪᠠ

ᠪᠢ ᠪᠠᠰᠠᠯᠠ ᠨᠣᠢ᠌ᠷ ᠬᠤᠯᠵᠢᠯ᠎ᠠ


ᠠᠭᠤᠯᠠᠨ ᠴᠠᠭᠠᠨ᠎ᠠ

ᠣᠴᠢ ᠦᠰᠦᠷᠴᠤ ᠪᠠᠢ᠌ᠪᠠ

ᠨᠢᠭᠡ ᠬᠠᠷᠠᠬᠤ ᠳᠤ

ᠮᠠᠰᠢᠨ ᠤ ᠭᠡᠷᠡᠯ ᠰᠢᠭ᠌ ᠠᠨᠢᠪᠴᠢᠵᠤ

ᠪᠠᠰᠠ ᠨᠢᠭᠡ ᠬᠠᠷᠠᠬᠤ ᠳᠤ

ᠭᠡᠳᠡ ᠶᠢᠨ ᠭᠠᠯ ᠰᠢᠭ ᠳᠦᠷᠠᠯᠵᠠᠨ᠎ᠠ ᠪᠢᠯᠠ


ᠪᠣᠳᠤᠯ ᠤᠨ ᠭᠦᠨ ᠳᠤ

ᠪᠢ ᠦᠪᠡᠷ ᠲᠡᠶ ᠪᠠᠨ ᠨᠤᠴᠤᠯᠳᠤᠵᠤ ᠪᠠᠢ᠌ᠪᠠ

ᠭᠡᠨ ᠨᠢ ᠢᠯᠠᠬᠤ ᠶᠢ

ᠮᠠᠷᠭᠠᠰᠢ ᠶᠢᠨ ᠨᠠᠷᠠ ᠯᠠ

ᠭᠡᠷᠡᠴᠢᠯᠡᠨ᠎ᠡ ᠪᠠᠢ᠌ᠬ᠎ᠠ


ᠢᠷᠠᠭᠤ ᠨᠠᠢ᠌ᠷᠠᠭ ᠲᠤ ᠪᠢ ᠰᠤᠭᠳᠤᠭᠤᠷᠠᠬᠤ ᠳᠤ

ᠴᠢ ᠨᠠᠮ᠎ᠠ ᠶᠢ

ᠰᠠᠷᠠᠨ ᠳᠤ ᠬᠤᠴᠠᠭᠰᠠᠨ ᠨᠤᠬᠠᠢ ᠰᠢᠭ

ᠢᠯᠡᠭᠦᠴᠢᠯᠡᠨ᠎ᠡ

ᠬᠠᠶᠠ ᠨᠢᠭᠡ ᠮᠤᠩᠭ᠋ᠤᠯ ᠶᠢᠡᠷ ᠶᠢᠡᠨ ᠶᠠᠷᠢᠬᠤᠯᠠᠷ

ᠮᠢᠨᠤ ᠨᠢᠳᠤᠨ ᠳᠤ

ᠴᠢ

ᠬᠤᠷᠮᠤᠰᠳᠠ ᠡᠴᠡ ᠴᠤ ᠦᠨᠡᠳᠠᠢ ᠬᠠᠷᠠᠭᠳᠠᠨ᠎ᠠ


ᠰᠢᠯᠦᠭ᠌ ᠪᠢᠴᠢᠶ᠎ᠠ ᠭᠡᠮᠡᠭᠡᠳ

ᠪᠢᠷ ᠶᠢᠡᠨ ᠡᠷᠢᠵᠤ ᠣᠯᠤᠭᠰᠠᠨ ᠦᠭᠡᠶ

ᠳᠠᠭᠤᠤ ᠭᠢᠩᠰᠢᠵᠤ ᠰᠠᠭᠤᠳᠠᠯ᠎ᠠ

ᠴᠢ᠂ ᠮᠢᠨᠤ ᠳᠠᠭᠤᠨ ᠳᠤ

ᠳᠠᠭᠢᠨ ᠳᠠᠭᠢᠨ ᠣᠶᠠᠷᠠᠭᠠᠤᠨ ᠪᠠᠢ᠌ᠯ᠎ᠠ


ᠬᠤᠨᠢᠨ ᠠᠷᠠᠰᠤ ᠪᠠᠢ᠌ᠨ᠎ᠠ ᠦᠦ︖ ᠭᠡᠵᠤ ᠦᠳᠡᠰᠢ ᠪᠠᠷ

ᠬᠤᠶᠠᠷ ᠮᠤᠲ᠋ᠤᠷᠳᠠᠨ ᠢᠷᠡᠭᠡᠳ

ᠬᠤᠨᠢᠨ ᠪᠠᠯᠴᠢᠭᠡᠷ ᠲᠤ ᠬᠤᠤᠷ ᠬᠠᠶᠠᠭᠠᠤᠨ ᠶᠠᠪᠣᠭᠰᠠᠨ ᠢ

ᠡᠵᠡᠨ ᠡᠴᠡ ᠨᠢ ᠥᠭᠡᠷ᠎ᠡ

ᠭᠡᠨ ᠴᠤ ᠮᠡᠳᠡᠭ᠍ᠰᠡᠨ ᠦᠭᠡᠶ

ᠪᠣᠭ ᠡ᠂ ᠪᠣᠭ


ᠲ᠋ᠤᠯᠢᠨ ᠳᠤᠳᠤᠷᠠᠭᠢ ᠮᠢᠨᠤ ᠳᠦᠷᠭᠦ

ᠳᠠᠭᠢᠨ ᠳᠠᠭᠢᠨ ᠬᠤᠪᠢᠷᠠᠭᠠᠤᠨ ᠪᠠᠢ᠌ᠯ᠎ᠠ

ᠪᠢ ᠠᠶᠤᠭᠠᠤᠨ ᠳᠤᠳᠠᠭᠠᠮᠠᠷ ᠰᠠᠨᠠᠭᠳᠠᠪᠠ

ᠳᠤᠰᠤᠨ ᠳ᠋ᠸᠩ ᠤᠨ ᠭᠡᠷᠡᠯ ᠳᠤ

ᠬᠠᠷᠠᠩᠭ᠋ᠤᠢ ᠰᠢᠳᠠᠵᠤ ᠳᠠᠭᠤᠰᠤᠮᠠᠷ ᠪᠠᠢ᠌ᠯ᠎ᠠ

ᠪᠢ ᠪᠠᠰᠠᠯᠠ ᠨᠣᠢ᠌ᠷ ᠦᠭᠡᠶ ᠭᠡᠪ ᠶᠢᠡᠷ ᠶᠢᠡᠨ


ᠭᠠᠷ ᠣᠳᠠᠰᠤᠨ ᠤ ᠬᠤᠩᠬᠤ ᠳᠠᠴᠢᠭᠢᠨᠠᠳᠠᠯ᠎ᠠ ᠳᠤᠤᠭᠠᠷᠪᠠ

ᠭᠡᠪᠠᠴᠤ ᠨᠠᠳᠠ ᠳᠤ ᠣᠳᠠᠰᠤᠳᠠᠭᠰᠠᠨ ᠭᠦᠮᠤᠨ ᠠᠯᠠᠭ᠎ᠠ

ᠠᠯᠤᠰ ᠡᠴᠡ ᠮᠤᠷᠢᠨ ᠳᠦᠪᠠᠷᠭᠡᠨ ᠳᠠᠴᠢᠭᠢᠨᠠᠵᠤ ᠠᠢ᠌ᠰᠤᠢ

ᠦᠣᠷ ᠴᠠᠢ᠌ᠴᠢᠬᠠᠯ᠎ᠠ ᠪᠣᠯᠤᠯᠳᠠᠢ


ᠬᠤᠷᠤᠭᠠᠨ ᠤ ᠬᠤᠨᠢᠳ ᠣᠢ᠌ᠮᠠᠨ᠎ᠠ

ᠪᠢ᠂ ᠰᠢᠳᠠᠮ ᠶᠢᠡᠨ ᠠᠪᠣᠭᠠᠤᠨ ᠭᠠᠷᠤᠭᠰᠠᠨ ᠴᠢᠨᠢ

ᠡᠮᠦᠨ᠎ᠡ ᠮᠠᠩᠬᠠᠨ ᠤ ᠴᠠᠭᠠᠨ ᠥᠨᠡᠭᠡ

ᠨᠢᠭᠡ ᠪᠠᠭᠴᠠ ᠰᠤᠷᠭᠤᠭ ᠴᠡᠴᠡᠭ᠌ ᠪᠠᠷᠢᠭᠠᠤᠨ

ᠬᠤᠷᠠᠭᠠᠨ ᠤ ᠮᠢᠨᠢ ᠡᠮᠦᠨ᠎ᠡ ᠮᠡᠭᠦᠢ᠌ᠵᠤ ᠪᠠᠢ᠌ᠯ᠎ᠠ


《ᠴᠢᠨ᠋ᠸ᠎ᠠ》 ᠢᠷᠠᠯ᠎ᠠ ᠭᠡᠵᠤ

ᠬᠤᠳᠠᠯᠴᠢ ᠭᠦᠤ ᠨᠠᠳᠠ ᠶᠢ ᠳᠠᠭᠤᠳᠠᠬᠤ ᠳᠤ

ᠰᠤᠴᠢᠨ ᠬᠠᠷᠠᠪᠠᠯ

ᠴᠠᠰᠤ ᠴᠠᠭᠠᠨ ᠮᠠᠰᠢᠨ ᠰᠤᠮᠤᠳᠠᠵᠤ ᠠᠢ᠌ᠰᠤᠢ


ᠰᠦᠨᠢᠵᠢᠨ ᠵᠠᠮᠨᠠᠭᠰᠠᠭᠠᠷ ᠭᠤᠳᠤᠯ ᠮᠢᠨᠢ ᠴᠤᠭᠤᠷᠠᠴᠢᠬᠠᠪᠠ

ᠭᠡᠪᠠᠴᠤ ᠪᠢ ᠶᠠᠳᠠᠷᠠᠭᠰᠠᠨ ᠰᠢᠠᠵᠢ ᠠᠯᠠᠭ᠎ᠠ

ᠠᠯᠤᠰ ᠳᠠᠰᠢ ᠬᠠᠷᠠᠭ᠎ᠠ ᠪᠠᠯᠴᠢᠭᠡᠭᠦ ᠳᠤ

ᠬᠠᠷᠢᠨ

ᠡᠩᠭᠡ ᠶᠢᠨ ᠴᠠᠭᠠᠨ ᠰᠦᠯᠳᠡ

ᠨᠠᠮᠢᠷᠠᠵᠤ ᠪᠠᠢ᠌ᠯ᠎ᠠ

ᠵᠠ᠂ ᠪᠢ ᠴᠤ ᠪᠣᠰᠤᠯᠳᠠᠢ ᠪᠣᠯᠤᠯ᠎ᠠ ᠳ᠋ᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠬᠠᠷᠢᠶ᠎ᠠ᠄ ᠰᠢᠯᠦᠭ
ᠳᠠᠷᠤᠮ᠄ 1837
ᠴᠠᠭ᠄ 2011 ᠤᠨ ᠤ 04 ᠰᠠᠷ᠎ᠠ ᠶᠢᠨ 28