ᠭᠦᠭᠡ ᠢᠨᠢᠶᠠᠳᠤ


                     ᠭᠦᠭᠡ ᠢᠨᠢᠶᠠᠳᠤ


ᠨᠠᠢ᠌ᠰᠠᠯᠠᠯ ᠤᠨ

ᠠᠭᠤᠳᠠᠮ ᠳᠠᠯᠠᠪᠠᠢ ᠪᠠᠷ ᠵᠤᠭᠠᠴᠠᠬᠤ ᠳ᠋ᠤ

ᠳᠠᠨᠢᠯ ᠳᠠᠰᠤᠯ ᠨᠢᠭᠡᠨ ᠭᠤᠶᠤ ᠠᠪᠠᠬᠠᠢ

ᠠᠮᠤᠷ ᠢᠷᠠᠯ᠎ᠠ

ᠬᠠᠮᠢᠭ᠎ᠠ ᠦᠵᠡᠵᠤ ᠥᠩᠭᠡᠷᠡᠭ᠍ᠰᠡᠨ ᠰᠡᠭ᠌

ᠬᠠᠷᠠᠭ᠎ᠠ ᠮᠦᠷᠭᠦᠯᠵᠤ ᠳᠤᠯᠤᠭᠠᠢ ᠳᠤᠭᠢᠯ᠎ᠠ

ᠪᠠᠭᠤᠳᠠᠯ ᠳᠠᠭᠠᠨ ᠢᠷᠡᠭᠡᠳ

ᠪᠦᠳᠤᠨ ᠡᠳᠦᠷ ᠪᠣᠳᠤᠯ᠎ᠠ

ᠠᠯᠢ ᠠᠷᠢᠭᠢᠨ ᠰᠢᠷᠡᠭᠡᠨ ᠳᠡᠭᠡᠷ᠎ᠡ

ᠠᠷᠢᠭᠢ ᠪᠠᠷᠢᠭᠠᠤᠨ ᠳᠠᠭᠤᠯᠠᠵᠤ ᠪᠠᠢ᠌ᠭᠰᠠᠨ ᠰᠢᠭ᠌ ᠰᠠᠨᠠᠭᠳᠠᠨ᠎ᠠ

ᠠᠯᠢ ᠠᠢ᠌ᠯ ᠤᠨ ᠬᠤᠷᠢᠮ ᠳᠡᠭᠡᠷ᠎ᠡ

ᠠᠢ᠌ᠯ ᠤᠨ ᠭᠡᠦᠭᠡᠨ ᠳᠤ ᠪᠠᠷᠭᠡᠯᠡᠵᠤ ᠪᠠᠢ᠌ᠭᠰᠠᠨ ᠰᠢᠭ᠌ ᠰᠠᠨᠠᠭᠳᠠᠨ᠎ᠠ

ᠠᠯᠢ ᠨᠢᠭᠡ ᠨᠤᠶᠠᠨ ᠤ ᠪᠢᠴᠢᠭᠡᠴᠢ ᠪᠣᠯᠤᠭᠠᠤᠨ

         ᠬᠠᠮᠳᠤ ᠬᠤᠭᠤᠯᠠᠯᠠᠵᠤ ᠪᠠᠢ᠌ᠭᠰᠠᠨ ᠰᠢᠭ᠌ ᠪᠣᠳᠤᠭᠳᠠᠨ᠎ᠠ

ᠠᠯᠢᠶ᠎ᠠ ᠭᠦᠭᠡᠷᠦᠭᠡᠨ ᠪᠦᠵᠢᠭ᠌ ᠤᠨ ᠳᠠᠩᠭᠢᠮ ᠳ᠋ᠤ

         ᠬᠠᠮᠳᠤ ᠪᠦᠵᠢᠭᠯᠡᠵᠤ ᠪᠠᠢ᠌ᠭᠰᠠᠨ ᠰᠢᠭ ᠪᠣᠳᠤᠭᠳᠠᠨ᠎ᠠ᠃

ᠶᠠᠭᠠᠭᠢᠵᠤ ᠪᠣᠳᠤᠭᠰᠠᠨ ᠴᠤ ᠪᠣᠳᠤᠵᠤ ᠣᠯᠤᠭᠰᠠᠨ ᠦᠭᠡᠶ ᠬᠠᠷᠢᠵᠤ ᠢᠷᠠᠪᠠ

ᠭᠡᠳᠤᠨ ᠭᠠᠷᠠᠭ ᠤᠨ ᠨᠢᠭᠡᠨ ᠦᠷᠯᠦᠭᠡ

ᠠᠰᠠᠷ ᠤᠨ ᠬᠤᠩᠭᠢᠯ ᠶᠢᠡᠷ ᠪᠠᠭᠤᠬᠤ ᠳᠤ

ᠠᠵᠢᠯ ᠳᠠᠭᠠᠨ ᠭᠠᠷᠬᠤ ᠤᠤ  ︖ ᠭᠢᠵᠤ

ᠠᠢ᠌ᠮᠠᠭ ᠤᠨ ᠪᠦᠰᠡᠭᠦᠢ ᠢᠨᠢᠶᠠᠮᠰᠦᠭᠯᠠᠯ᠎ᠠ

ᠠᠷᠪᠠᠨ ᠭᠡᠳᠤᠨ ᠵᠢᠯ ᠨᠢᠭᠡ ᠠᠰᠠᠷ ᠤᠨ ᠨᠢᠭᠡ ᠬᠤᠩᠭᠢᠯ ᠤᠨ

ᠠᠢ᠌ᠮᠠᠭ ᠪᠠᠢ᠌ᠭᠰᠠᠨ ᠶᠢᠡᠨ ᠳᠠᠨᠢᠭᠠᠤᠨ

ᠠᠰᠢ ᠭᠡᠳ

ᠠᠯᠠᠭ᠎ᠠ ᠪᠠᠷ ᠶᠢᠡᠨ ᠮᠠᠩᠨᠠᠢ ᠪᠠᠨ ᠳᠡᠯᠳᠡᠭᠡᠳ

ᠢᠴᠢᠭᠦ᠂   ᠢᠨᠢᠶᠡᠭᠦ ᠬᠤᠤᠰᠯᠠᠪᠠ



                ᠲ᠋ᠠᠭᠠᠷᠢᠭᠳᠠᠭᠰᠠᠨ ᠳᠠᠢ᠌ᠵᠢ      

    

ᠭᠤᠴᠢᠨ ᠭᠡᠳᠤᠨ ᠵᠢᠯ ᠠᠵᠢᠯᠯᠠᠵᠤ

ᠬᠤᠷᠢᠨ ᠭᠡᠳᠤᠨ ᠵᠢᠯ ᠳᠠᠷᠤᠭᠠᠯᠠᠭᠰᠠᠨ ᠳᠠᠢ᠌ᠵᠢ

ᠠᠯᠪᠠᠨ ᠶᠤᠰᠤᠭᠠᠷ ᠠᠵᠢᠯ ᠡᠴᠠ ᠪᠠᠨ ᠪᠠᠭᠤᠯ᠎ᠠ

ᠭᠡᠷ ᠲᠡᠭᠡᠨ ᠬᠠᠷᠢᠬᠤ ᠪᠠᠷ

ᠡᠳᠦᠷ ᠰᠦᠨᠢ ᠦᠭᠡᠶ ᠨᠠᠢ᠌ᠯᠠᠵᠤ ᠶᠠᠪᠣᠳᠠᠭ

ᠡᠩᠭᠦᠷᠡᠢ ᠬᠠᠢ᠌ᠷᠠᠳᠤ ᠵᠢᠯᠤᠭᠤᠴᠢ ᠳᠠᠭᠠᠨ ᠣᠳᠠᠰᠤᠳᠠᠯ᠎ᠠ᠂

ᠸᠸᠢ ︕ ᠨᠠᠮᠢ᠋ᠢ ᠭᠡᠷ ᠲᠤ ᠭᠦᠷᠭᠡᠭᠡᠳ ᠠᠯᠢ  ︕

ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ

ᠳᠠᠷᠠᠭ᠎ᠠ ᠨᠢ

ᠬᠠᠮ ᠳᠠᠮ ᠪᠣᠯᠵᠤ ᠠᠵᠢᠯ ᠭᠦᠢᠴᠡᠳᠭᠡᠳᠡᠭ᠌

ᠨᠠᠷᠢᠨ ᠪᠢᠴᠢᠭᠡᠴᠢ ᠳᠡᠭᠡᠨ ᠣᠳᠠᠰᠤᠳᠠᠯ᠎ᠠ

ᠸᠸᠢ ︕ ᠨᠠᠮᠢ᠋ᠢ ᠭᠡᠷ ᠲᠤ ᠭᠦᠷᠭᠡᠭᠡᠳ ᠠᠯᠢ ︕

ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ

ᠠᠷᠭ᠎ᠠ ᠦᠭᠡᠶ ᠳ᠋ᠡᠭᠡᠨ

ᠠᠯᠪᠠᠨ ᠭᠡᠷ᠂ ᠰᠢᠷᠡᠭᠡ ᠰᠠᠠᠳᠠᠯᠢ᠂ ᠬᠤᠪᠴᠠᠰᠤ ᠬᠤᠨᠠᠷ ᠳᠡᠭ᠍ᠰᠢᠯᠡᠳᠡᠭ᠌

ᠴᠡᠪᠠᠷᠯᠡᠭ᠍ᠴᠢ ᠳᠡᠭᠡᠨ ᠣᠳᠠᠰᠤᠳᠠᠯ᠎ᠠ  ᠂

ᠸᠧᠢ ︕ ᠨᠠᠮᠢ᠋ᠢ ᠭᠡᠷ ᠲᠤ ᠭᠦᠷᠭᠡᠭᠡᠳ ᠠᠯᠢ ︕

ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ

ᠬᠠᠮᠤᠭ ᠤᠨ ᠰᠡᠭᠦᠯ ᠳ᠋ᠤ

ᠡᠳᠦᠷ ᠲᠡᠭᠡᠨ ᠡᠭᠡᠨᠡᠷ ᠬᠡᠦᠬᠡᠳ ᠢ ᠨᠠᠰᠢ ᠴᠠᠰᠢ ᠭᠦᠷᠭᠡᠳᠡᠭ᠌

ᠨᠠᠢ᠌ᠵᠠ ᠳᠠᠭᠠᠨ ᠣᠳᠠᠰᠤᠳᠠᠯ᠎ᠠ

ᠸᠧᠢ ︕ ᠨᠠᠮᠢ᠋ᠢ ᠭᠡᠷ ᠲᠤ ᠭᠦᠷᠭᠡᠭᠡᠳ ᠠᠯᠢ ︕

ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ

ᠳᠠᠪᠢ ᠭᠦᠷᠴᠤ

ᠳᠠᠭᠠᠷᠢᠭᠳᠠᠭᠰᠠᠨ ᠳᠠᠢ᠌ᠵᠢ

ᠳᠠᠭᠢᠵᠤ ᠣᠳᠠᠰᠤ ᠠᠪᠣᠭᠰᠠᠨ ᠥᠭᠡᠢ  ᠂

ᠠᠢ ᠳ᠋ᠠ ︕ ᠭᠡᠳ

ᠠᠯᠬᠤᠭᠠᠤᠨ ᠶᠠᠪᠣᠬᠤ ᠨᠢ


ᠵᠤᠬᠢᠶᠠᠭᠴᠢ ᠶᠢᠨ ᠬᠠ‍‌ᠶᠢᠭ ᠄ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2011 ᠤᠨ ᠤ 11 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ