ᠢᠠᠳᠠᠷ
- ᠪᠦᠭᠦ ᠣᠷᠤᠨ ᠤ ᠮᠤᠩᠭ᠋ᠤᠯ ᠶᠢᠡᠷ ᠵᠤᠬᠢᠶᠠᠨ ᠪᠦᠳᠦᠭᠡᠭᠦ ᠢᠠᠳᠠᠷ ᠳ᠋ᠠᠭᠢ ᠪᠢᠷ ᠤᠨ ᠴᠢᠭᠤᠯᠭᠠᠨ ᠳᠤ ᠣᠷᠤᠯᠴᠠᠭᠠᠤᠨ

ᠢᠠᠳᠠᠷ —

ᠠᠯᠤᠨ ᠡᠭᠡ ᠶᠢᠨ ᠭᠠᠷ ᠲᠤ ᠠᠮᠢᠯᠠᠭᠰᠠᠨ

ᠮᠦᠰᠤ ᠶᠢᠨ ᠨᠢᠭᠡᠨ ᠰᠢᠷᠭᠡᠭ᠌

ᠠᠷᠪᠠᠨ ᠭᠤᠷᠪᠠᠳᠤᠭᠠᠷ ᠵᠠᠭᠤᠨ ᠳᠤ ᠳᠠᠪᠭᠢᠭᠰᠠᠨ

ᠮᠤᠷᠢᠨ ᠤ ᠨᠢᠭᠡᠨ ᠳᠦᠷᠦᠭᠡ

ᠢᠠᠳᠠᠷ —

ᠪᠣᠷᠬᠠᠨ ᠬᠠᠯᠳᠤᠨ ᠡᠴᠡ ᠰᠢᠭᠤᠷᠭᠠᠯᠠᠭᠰᠠᠨ

ᠡᠯᠡᠰᠤᠨ ᠤ ᠨᠢᠭᠡᠨ ᠮᠥᠭᠦᠯᠢᠭ᠌

ᠪᠣᠭᠳᠠ ᠠᠭᠤᠯᠠᠨ ᠡᠴᠡ ᠣᠶᠠᠩᠭ᠋ᠠᠷᠠᠭᠰᠠᠨ

ᠣᠬᠠᠭᠠᠨ ᠤ ᠨᠢᠭᠡᠨ ᠰᠢᠭᠢᠦᠡᠭᠡᠭᠡ

ᠢᠠᠳᠠᠷ —

ᠴᠢᠩᠭᠢᠰ ᠤᠨ ᠰᠦᠯᠳᠡ ᠡᠴᠡ ᠰᠢᠵᠢᠮᠯᠡᠭ᠍ᠰᠡᠨ

ᠭᠦᠭᠦᠯ ᠤᠨ ᠨᠢᠭᠡᠨ ᠰᠠᠴᠤᠷᠠᠭ

ᠴᠤᠤᠯ ᠤᠨ ᠳᠠᠠᠵᠢᠨ ᠳᠤ ᠳᠤᠭᠤᠷᠪᠢᠭᠳᠠᠭᠰᠠᠨ

ᠰᠤᠳᠤᠷ ᠤᠨ ᠨᠢᠭᠡᠨ ᠬᠠᠭᠤᠳᠠᠰᠤ

ᠢᠠᠳᠠᠷ —

ᠮᠤᠩᠭ᠋ᠤᠯ ᠠᠪᠢᠶ᠎ᠠ ᠪᠠᠷ ᠴᠤᠤᠷᠢᠶᠠᠯᠠᠭᠰᠠᠨ

ᠭᠦᠭᠡᠮᠡᠢ ᠶᠢᠨ ᠨᠢᠭᠡᠨ ᠨᠤᠲ᠋

ᠮᠤᠬᠤᠯᠠᠢ ᠶᠢᠨ ᠡᠰ ᠪᠠᠷ ᠭᠦᠪᠦᠷᠡᠭ᠍ᠰᠡᠨ

ᠳᠤᠯᠭ᠎ᠠ ᠶᠢᠨ ᠨᠢᠭᠡᠨ ᠴᠢᠯᠠᠭᠤ

ᠢᠠᠳᠠᠷ —

ᠭᠦᠰᠡᠯ ᠳᠡᠷᠭᠡᠯᠰᠢᠯᠡᠭᠦᠯᠦᠭ᠍ᠰᠡᠨ ᠱᠠᠳᠤ

ᠭᠦᠭ᠍ᠵᠢᠯ ᠳᠠᠯᠠᠯᠤᠭᠰᠠᠨ ᠰᠤᠪᠣᠷᠭ᠎ᠠ

ᠭᠦᠪᠴᠢ ᠳᠡᠨᠡᠢ᠌ᠯᠭᠡᠭ᠍ᠰᠡᠨ ᠰᠤᠮᠤ

ᠭᠦᠴᠤᠨ ᠳᠠᠪᠳᠠᠭᠳᠠᠭᠰᠠᠨ ᠴᠠᠳᠢᠭ

ᠭᠦᠭᠡ ᠮᠤᠩᠭ᠋ᠤᠯ ᠤᠨ ᠳᠡᠭ᠍ᠷᠢ ᠳ᠋ᠤ

ᠭᠦᠭᠡᠷᠡᠭ᠍ᠰᠡᠨ ᠡᠷᠡᠯᠭᠡᠭ᠌ ᠪᠦᠷᠭᠦᠤᠨ︕


ᠬᠠᠶ‍ᠢᠭ : ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠰᠦᠶ᠎ᠠ
ᠬᠠᠷᠢᠶ᠎ᠠ᠄ ᠰᠢᠯᠦᠭ
ᠳᠠᠷᠤᠮ᠄ 2162
ᠴᠠᠭ᠄ 2009 ᠤᠨ ᠤ 04 ᠰᠠᠷ᠎ᠠ ᠶᠢᠨ 11