ᠪᠠᠷᠢᠮᠵᠢᠶ᠎ᠠ ᠠᠪᠢᠶ᠎ᠠ ᠪᠠᠷ ᠣᠩᠰᠢᠬᠤ ᠳᠤ ᠠᠩᠬᠠᠷᠤᠭᠤᠰᠢᠳᠢ ᠵᠣᠢ᠌ᠯ (ᠨᠢᠭᠡ)

ᠣᠷᠴᠢᠨ ᠴᠠᠭ ᠤᠨ ᠮᠤᠩᠭ᠋ᠤᠯ ᠭᠡᠯᠡᠨ ᠤ ᠶᠠᠷᠢᠶᠠᠨ ᠤ ᠭᠡᠯᠡ ᠨᠢ ᠦᠪᠡᠷ ᠤᠨ ᠭᠦᠭ᠍ᠵᠢᠯ ᠤᠨ ᠶᠢᠡᠨ ᠳᠤᠳᠤᠭᠠᠳᠤ ᠵᠢᠮ᠎ᠠ ᠬᠠᠤᠯᠢ ᠪᠣᠯᠤᠨ ᠬᠠᠷᠢ ᠭᠡᠯᠡᠨ ᠤ ᠭᠠᠳᠠᠭᠠᠳᠤ ᠨᠥᠯᠦᠭᠡ ᠡᠴᠡ ᠪᠣᠯᠵᠤ᠂ ᠵᠠᠷᠢᠮ ᠭᠠᠵᠠᠷ ᠣᠷᠤᠨ ᠪᠣᠶᠤ ᠵᠠᠷᠢᠮ ᠨᠤᠳᠤᠭ ᠤᠨ ᠠᠶᠠᠯᠭᠤᠨ ᠳᠤ ᠮᠤᠩᠭ᠋ᠤᠯ ᠭᠡᠯᠡᠨ ᠤ ᠥᠭᠡ ᠶᠢᠨ ᠡᠭᠢᠨ ᠤ 《ᠣ (v)᠂ ᠦ᠊ (u)》 ᠬᠤᠶᠠᠷ ᠡᠭᠡᠰᠢᠭ᠌ ᠠᠪᠢᠶᠠᠨ ᠤ ᠳᠠᠭᠤᠳᠠᠯᠭ᠎ᠠ ᠪᠣᠭᠤᠨᠢ ᠡᠭᠡᠰᠢᠭ᠍ᠳᠤ ᠥᠭᠡᠨ ᠳᠤ 《ᠸ 〈w)》 ᠭᠡᠢ᠌ᠭᠦᠯᠦᠭ᠍ᠴᠢ ᠪᠠᠷ ᠠᠪᠢᠶᠠᠯᠠᠭᠳᠠᠬᠤ ᠠᠪᠢᠶᠠᠨ ᠤ ᠭᠠᠵᠢᠯᠳᠠ ᠡᠭᠦᠰᠴᠤ ᠪᠠᠢ᠌ᠬᠤ ᠶᠢ ᠠᠩᠬᠠᠷᠬᠤ ᠭᠡᠷᠡᠭ᠍ᠳᠡᠢ᠃ ᠳᠠᠷᠠ ᠨᠢ ᠴᠢᠩᠭ᠎ᠠ ᠥᠭᠡᠨ ᠳᠤ ᠪᠣᠯ ᠳᠠᠷᠠᠭᠠᠭᠢ ᠦᠶ᠎ᠡ ᠶᠢᠨ ᠶᠢᠡᠨ 《ᠠ᠊ (a)》 ᠡᠭᠡᠰᠢᠭ᠌᠂ ᠭᠦᠡᠳᠡᠢ ᠥᠭᠡᠨ ᠳᠤ ᠪᠣᠯ ᠳᠠᠷᠠᠭᠠᠭᠢ ᠦᠶ᠎ᠡ ᠶᠢᠨ ᠶᠢᠡᠨ 《ᠡ᠊ (e)》 ᠡᠭᠡᠰᠢᠭ᠌ ᠲᠤ ᠨᠥᠯᠦᠭᠡᠯᠡᠭ᠍ᠳᠡᠭ᠍ᠰᠡᠨ ᠭᠡᠯᠡᠨ ᠤ ᠭᠦᠭ᠍ᠵᠢᠯ ᠤᠨ ᠳᠤᠳᠤᠭᠠᠳᠤ ᠵᠢᠮ᠎ᠠ ᠬᠠᠤᠯᠢ ᠨᠢᠭᠡ ᠭᠡᠮᠵᠢᠶ᠎ᠡ ᠪᠠᠷ ᠣᠢ᠌ᠯᠠᠳᠤᠯ ᠥᠵᠡᠭᠦᠯᠦᠭ᠍ᠰᠡᠨ ᠪᠠ ᠭᠢᠳᠠᠤᠨ ᠭᠡᠯᠡᠨ ᠤ ᠨᠥᠯᠦᠭᠡ ᠭᠠᠳᠠᠭᠠᠳᠤ ᠡᠴᠡ ᠨᠠᠵᠠᠭᠠᠢ ᠪᠠᠷ ᠨᠥᠯᠦᠭᠡᠯᠡᠭ᠍ᠰᠡᠨ ᠰᠢᠯᠳᠠᠭᠠᠨ ᠴᠤ ᠪᠠᠢ᠌ᠬᠤ ᠶᠤᠮ᠃

ᠶᠠᠭᠠᠭᠢᠭᠠᠤᠨ ᠭᠡᠪᠠᠯ᠂ ᠨᠢᠭᠡ ᠳᠠᠯ᠎ᠠ ᠪᠠᠷ ᠮᠤᠩᠭ᠋ᠤᠯ ᠭᠡᠯᠡᠨ ᠤ ᠴᠢᠩᠭ᠎ᠠ ᠥᠭᠡ ᠶᠢᠨ ᠥᠭᠡ ᠶᠢᠨ ᠡᠭᠢᠨ ᠤ 《ᠢ᠊ (I)》 ᠡᠭᠡᠰᠢᠭ᠌ ᠨᠢ ᠳᠠᠷᠠᠭᠠᠭᠢ ᠦᠶ᠎ᠡ ᠶᠢᠨ ᠶᠢᠡᠨ 《ᠠ᠊ (a)》 ᠡᠭᠡᠰᠢᠭ᠌ ᠤᠨ ᠨᠥᠯᠦᠭᠡ ᠪᠠᠷ 《ᠣᠬᠤᠷᠢᠨ ᠢᠵᠢᠯᠢᠰᠢᠭᠦ》 ᠠᠪᠢᠶᠠᠨ ᠤ ᠬᠤᠪᠢᠷᠠᠯᠳᠠ ᠶᠢᠨ ᠵᠢᠮ᠎ᠠ ᠬᠠᠤᠯᠢ ᠣᠤᠯ ᠡᠴᠡ ᠪᠠᠢ᠌ᠭᠰᠠᠨ ᠨᠢ ᠮᠤᠩᠭ᠋ᠤᠯ ᠭᠡᠯᠡᠨ ᠤ ᠭᠦᠭ᠍ᠵᠢᠯ ᠤᠨ ᠶᠠᠪᠣᠴᠠ ᠳᠤ ᠥᠭᠡᠷ᠎ᠡ ᠪᠣᠰᠤᠳ ᠡᠭᠡᠰᠢᠭ᠌ ᠠᠪᠢᠶᠠᠨ ᠤ 《ᠣᠬᠤᠷᠢᠨ ᠢᠵᠢᠯᠢᠰᠢᠭᠦ》 ᠥᠵᠡᠭ᠍ᠳᠡᠯ ᠢ ᠪᠣᠢ ᠪᠣᠯᠭᠠᠬᠤ ᠳᠤ ᠭᠦᠷᠭᠡᠭ᠍ᠰᠡᠨ ᠪᠠᠢ᠌ᠵᠤ ᠪᠣᠯᠬᠤ ᠶᠤᠮ᠃ ᠨᠥᠭᠦᠭᠡ ᠳᠠᠯ᠎ᠠ ᠪᠠᠷ ᠭᠢᠳᠠᠤᠨ ᠭᠡᠯᠡᠨ ᠳᠤ 《v , u》 ᠡᠭᠡᠰᠢᠭ᠌ ᠡᠭᠢᠯᠡᠪᠦᠷᠢᠳᠤ (ᠶᠦᠨ ᠮᠤ) ᠦᠶ᠎ᠡ ᠪᠠᠢ᠌ᠳᠠᠭ ᠦᠭᠡᠶ ᠳᠤᠯᠠ ᠭᠢᠳᠠᠤᠨ ᠭᠡᠯᠡᠨ ᠳᠤ ᠨᠤᠴᠢᠳᠠᠢ ᠨᠥᠯᠦᠭᠡᠯᠡᠭ᠍ᠳᠡᠵᠤ ᠪᠠᠢ᠌ᠭ᠎ᠠ ᠬᠤᠷᠴᠢᠨ ᠠᠮᠠᠨ ᠤ ᠠᠶᠠᠯᠭᠤ ᠪᠣᠯᠤᠨ ᠪᠣᠰᠤᠳ ᠭᠢᠳᠠᠤᠨ ᠭᠡᠯᠡᠨ ᠤ ᠨᠥᠯᠦᠭᠡᠨ ᠳᠤ ᠭᠦᠨ ᠨᠡᠷᠪᠠᠭ᠍ᠳᠡᠵᠤ ᠪᠠᠢ᠌ᠭ᠎ᠠ ᠭᠠᠵᠠᠷ ᠣᠷᠤᠨ ᠤ ᠨᠤᠳᠤᠭ ᠤᠨ ᠠᠶᠠᠯᠭᠤᠨ ᠳᠤ ᠨᠠᠩ ᠳᠤᠪᠣᠢ᠌ᠮ᠎ᠠ ᠢᠯᠠᠷᠠᠵᠤ ᠪᠠᠢ᠌ᠳᠠᠭ ᠰᠢᠭ ᠪᠠᠢ᠌ᠨ᠎ᠠ᠃ ᠪᠣᠳᠠᠳᠠᠢ ᠪᠠᠷ ᠵᠢᠱᠢᠶᠠᠯᠠᠪᠠᠯ᠄

ᠵᠢᠱᠢᠶ᠎ᠠ ᠥᠭᠡ   ᠳᠠᠰᠢᠶ᠎ᠠ ᠠᠪᠢᠶᠠᠯᠠᠪᠣᠷᠢ   ᠵᠦᠪ ᠠᠪᠢᠶᠠᠯᠠᠪᠣᠷᠢ

ᠣᠰᠤ was  vs

ᠣᠨᠠᠬᠤ wanax  vnax

ᠣᠳᠠ wad  vd

ᠣᠭ wag  vg

ᠣᠰᠠᠳᠬᠤ wastax  vsatax

ᠦᠨᠡᠨ wenen  unen

ᠦᠶᠡᠷ weyer  uyer

ᠥᠯᠢᠭᠡᠷ welger  ulger

ᠦᠰᠦ wes  us

ᠥᠷᠭᠦᠭᠦ wergex  urgex ᠁ ᠭᠡᠭᠦ ᠮᠠᠳᠤ᠃

ᠡᠨᠡ ᠭᠦ ᠥᠵᠡᠭ᠍ᠳᠡᠯ ᠢ ᠨᠠᠷᠢᠨ ᠠᠵᠢᠭᠯᠠᠪᠠᠯ ᠥᠭᠡ ᠶᠢᠨ ᠭᠢᠨ ᠤ 《ᠣ (v)᠂ ᠦ᠊ (u)》 ᠡᠭᠡᠰᠢᠭ᠌ ᠨᠢ ᠰᠢᠭᠤᠳ 《ᠸ (W)》 ᠭᠡᠢ᠌ᠭᠦᠯᠦᠭ᠍ᠴᠢ ᠠᠪᠢᠶ᠎ᠠ ᠪᠣᠯᠤᠨ ᠭᠠᠵᠢᠭᠰᠠᠨ ᠪᠢᠰᠢ᠂ ᠪᠠᠰᠠ ᠰᠢᠭᠤᠳ ((ᠠ᠊ (a)᠂ ᠡ᠊ (e)》 ᠡᠭᠡᠰᠢᠭ᠌ ᠪᠣᠯᠵᠤ ᠣᠬᠤᠷᠢᠨ ᠢᠵᠢᠯᠢᠰᠢᠭ᠍ᠰᠡᠨ ᠴᠤ ᠪᠣᠰᠤ ᠬᠠᠷᠢᠨ 《ᠠ᠊ (a)᠂ ᠡ᠊ (e)》 ᠡᠭᠡᠰᠢᠭ᠌ ᠤᠨ ᠡᠮᠤᠨ᠎ᠡ ᠨᠠᠢ᠌ᠳᠠᠮ 《ᠸ (w)》 ᠭᠡᠢ᠌ᠭᠦᠯᠦᠭ᠍ᠴᠢ ᠣᠭᠳᠤᠪᠣᠷᠢ ᠲᠡᠶ ᠠᠪᠢᠶᠠᠯᠠᠭᠳᠠᠳᠠᠭ ᠪᠠᠢ᠌ᠨ᠎ᠠ᠃ ᠡᠢ᠌ᠮᠤ ᠡᠴᠡ ᠳᠠᠷᠠ ᠨᠢ ᠮᠤᠩᠭ᠋ᠤᠯ ᠭᠡᠯᠡᠨ ᠤ ᠭᠦᠭ᠍ᠵᠢᠯ ᠤᠨ ᠳᠤᠳᠤᠭᠠᠳᠤ ᠵᠢᠮ᠎ᠠ ᠬᠠᠤᠯᠢ ᠶᠢᠨ ᠨᠥᠯᠦᠭᠡᠯᠡᠯ ᠪᠠ ᠭᠢᠳᠠᠤᠨ ᠭᠡᠯᠡᠨ ᠤ ᠨᠥᠯᠦᠭᠡᠯᠡᠯ ᠡᠴᠡ ᠪᠣᠯᠤᠭᠰᠠᠨ ᠥᠵᠡᠭ᠍ᠳᠡᠯ᠂ ᠲᠦᠷᠦᠯᠭᠢ ᠭᠡᠯᠡᠨ ᠤ ᠵᠦᠪ ᠠᠪᠢᠶᠠᠯᠠᠪᠣᠷᠢ ᠶᠢ ᠭᠠᠵᠢᠳᠠᠭᠤᠯᠵᠤ ᠪᠠᠢ᠌ᠭ᠎ᠠ ᠠᠰᠢᠭ ᠦᠭᠡᠶ ᠥᠵᠡᠭ᠍ᠳᠡᠯ ᠪᠣᠯᠬᠤ ᠶᠤᠮ᠃ ᠡᠢ᠌ᠮᠦᠷᠭᠦ ᠥᠵᠡᠭ᠍ᠳᠡᠯ ᠳᠠᠷᠠᠭᠠᠭᠢ ᠦᠶ᠎ᠡ ᠳᠤ ᠨᠢ ᠣᠷᠳᠤ ᠡᠭᠡᠰᠢᠭ᠌ ᠪᠠᠢ᠌ᠪᠠᠯ ᠴᠢᠩᠭ᠎ᠠ ᠥᠭᠡᠨ ᠳᠤ ᠴᠥᠭᠡᠨ ᠳᠤᠭᠢᠶᠠᠯᠳᠤᠬᠤ ᠪᠠᠢ᠌ᠳᠠᠯ ᠲᠡᠶ᠃ ᠭᠦᠡᠳᠡᠢ ᠥᠭᠡᠨ ᠳᠤ ᠪᠣᠯ ᠨᠠᠯᠢᠶᠠᠤᠨ ᠣᠯᠠᠨ ᠲᠤᠬᠢᠶᠠᠯᠳᠤᠬᠤ ᠪᠠᠢ᠌ᠳᠠᠯ ᠲᠡᠶ᠃ ᠵᠢᠱᠢᠶᠠᠯᠠᠪᠠᠯ᠄

ᠵᠢᠱᠢᠶ᠎ᠠ ᠥᠭᠡ ᠠᠪᠢᠶᠠᠯᠠᠪᠣᠷᠢ

ᠣᠯᠠᠭᠠᠨ vlan

ᠣᠨᠤᠭ᠎ᠠ vna

ᠣᠬᠠᠭᠠᠨ vxan

ᠣᠳᠠᠭᠠᠰᠢᠷᠠᠬᠤ vdaSrax

ᠣᠷᠤᠭᠤᠳᠠᠬᠤ vrvdax

ᠥᠵᠦᠭᠦᠷ uzur

ᠥᠯᠢᠶᠡᠭᠦ welex -ulex

ᠥᠯᠡᠳᠡᠭᠡᠭᠦ weldex -uldex

ᠥᠵᠡᠭᠡᠴᠢ wezeq -uzeq

ᠥᠭ᠍ᠳᠡᠭᠡᠭᠦ wegtex -ugtex ᠁ ᠭᠡᠭᠦ ᠮᠠᠳᠤ᠃

ᠡᠨᠡ ᠭᠦ ᠥᠵᠡᠭ᠍ᠳᠡᠯ ᠨᠢ ᠶᠠᠮᠠᠷ ᠥᠭᠡ᠂ ᠶᠠᠮᠠᠷ ᠭᠡᠪᠴᠢᠶᠡᠨ ᠳᠤ᠂ ᠶᠠᠮᠠᠷ ᠭᠡᠮᠵᠢᠶ᠎ᠡ ᠪᠠᠷ ᠲᠤᠬᠢᠶᠠᠯᠳᠤᠭᠰᠠᠨ ᠴᠤ ᠪᠠᠷᠢᠮᠵᠢᠶ᠎ᠠ ᠠᠪᠢᠶᠠᠨ ᠤ ᠵᠦᠪ ᠳᠠᠭᠤᠳᠠᠯᠭ᠎ᠠ ᠡᠴᠡ ᠭᠠᠵᠢᠭᠰᠠᠨ ᠭᠡᠯᠡ ᠠᠪᠢᠶᠠᠨ ᠤ ᠭᠡᠪ ᠤᠨ ᠪᠣᠰᠤ ᠥᠵᠡᠭ᠍ᠳᠡᠯ ᠪᠣᠯᠬᠤ ᠳᠤᠯᠠ ᠭᠢᠴᠢᠶᠠᠯ ᠭᠦᠮᠦᠵᠢᠯ ᠵᠢᠭᠠᠨ ᠰᠤᠷᠭᠠᠯᠳᠠ ᠶᠢᠨ ᠥᠢᠯᠡᠳᠦᠯᠭᠡ ᠶᠢᠨ ᠳᠤᠮᠳᠠ ᠴᠢᠩᠭ᠎ᠠ ᠠᠩᠬᠠᠷᠴᠤ ᠡᠷᠡᠰ ᠳᠠᠪᠴᠢᠨ ᠵᠦᠪ ᠠᠪᠢᠶᠠᠯᠠᠵᠤ ᠵᠢᠭᠠᠨ ᠵᠢᠯᠤᠭᠤᠤᠠᠬᠤ ᠭᠡᠷᠭ᠍ᠳᠡᠢ᠃ ᠳᠠᠷᠠᠴᠢᠯᠠᠨ ᠺᠢᠨᠤ᠋ ᠳᠸᠯᠸᠢᠰ ᠤᠨ ᠠᠪᠢᠶᠠᠯᠠᠭᠴᠢ ᠭᠦᠳᠦᠯᠦᠭ᠍ᠴᠢ᠂ ᠣᠷᠠᠨ ᠳᠤᠳᠤ ᠢᠷᠠᠭᠤ ᠣᠩᠰᠢᠯᠭ᠎ᠠ ᠶᠢᠨ ᠳᠦᠷᠢᠮ ᠵᠢᠱᠢᠶ᠎ᠠ ᠪᠡᠯᠡᠳᠭᠡᠭ᠍ᠴᠢ ᠨᠡᠷ ᠡᠷᠭᠡᠪᠰᠢ ᠠᠩᠬᠠᠷᠤᠯ ᠳᠤ ᠪᠠᠨ ᠠᠪᠴᠤ ᠪᠠᠷᠢᠮᠵᠢᠶ᠎ᠠ ᠠᠪᠢᠶ᠎ᠠ ᠪᠠᠷ ᠭᠡᠯᠡᠵᠤ ᠠᠪᠢᠶᠠᠯᠠᠬᠤ ᠭᠡᠷᠡᠭ᠍ᠳᠡᠢ ᠶᠤᠮ᠃


*** ᠣᠯᠠᠨ ᠣᠯᠤᠰ ᠤᠨ ᠭᠠᠯᠢᠭ ᠢᠯᠡᠷᠡᠭᠦ ᠦᠭᠡᠶ ᠳᠤᠯᠠ ᠮᠤᠩᠭ᠋ᠤᠯ ᠭᠡᠯᠡᠨ ᠤ 《ᠴ᠂ ᠵ᠊᠂ ᠱ》 ᠭᠡᠢ᠌ᠭᠦᠯᠦᠭ᠍ᠴᠢ ᠶᠢ ᠠᠩᠭ᠍ᠯᠢ ᠥᠰᠦᠭ᠌ ᠤᠨ 《q,z,s》 ᠪᠡᠷ ᠳᠤᠰ ᠳᠤᠰ ᠣᠷᠤᠯᠠᠭᠤᠯᠤᠨ ᠳᠡᠮᠳᠡᠭᠯᠡᠪᠡ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ᠂ ᠣᠩᠨᠢᠭᠤᠳ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11921
ᠴᠠᠭ᠄ 2010 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ