ᠪᠢ ᠬᠠᠷᠠᠩᠭ᠋ᠤᠢ ᠶᠢᠨ ᠳᠤᠮᠳᠠ ᠣᠷᠤᠰᠢᠨ᠎ᠠ

ᠣᠨᠠᠵᠤ ᠪᠠᠢ᠌ᠭᠰᠠᠨ ᠵᠥᠭᠡᠯᠡᠨ ᠴᠠᠭᠠᠨ ᠴᠠᠰᠤ

ᠣᠯᠠᠷᠢᠯ ᠤᠨ ᠡᠷᠭᠡ ᠪᠠᠷ ᠬᠠᠷᠢᠵᠤ ᠪᠠᠢ᠌ᠭ᠎ᠠ

          ᠬᠠᠮᠤᠭ ᠡᠴᠦᠰ ᠤᠨ ᠢᠯᠴᠢᠨ ᠳᠤ

          ᠬᠠᠢ᠌ᠯᠤᠨ ᠬᠠᠢ᠌ᠯᠤᠭᠰᠠᠭᠠᠷ ᠁   

ᠨᠠᠮᠤᠷ ᠤᠨ ᠰᠡᠭᠦᠯᠴᠢ ᠶᠢᠨ ᠭᠦᠢᠳᠡᠨ ᠰᠠᠷᠠᠪᠴᠢᠨ ᠡᠴᠡ

          ᠮᠦᠷᠦᠭᠡᠳᠦᠯ ᠪᠣᠯᠵᠤ ᠴᠢᠪ ᠴᠢᠪ ᠳᠤᠰᠤᠯᠠᠨ᠎ᠠ

ᠴᠢᠮᠡᠭᠡ ᠥᠭᠡᠢ᠌ᠭᠡᠨ ᠪᠠᠰᠠ ᠨᠢᠭᠡ ᠡᠪᠦᠯ ᠢᠷᠠᠯ᠎ᠠ ᠭᠡᠵᠤ  

ᠴᠢᠭᠢᠨ ᠰᠤᠨᠤᠷ ᠲᠤ ᠵᠠᠳᠠᠷ ᠤᠨ ᠴᠢᠯᠠᠭᠤ ᠰᠢᠪᠠᠨᠡᠨ᠎ᠡ


ᠴᠢᠭ᠌ ᠲᠡᠭᠡᠨ ᠮᠢᠨᠤ ᠣᠷᠴᠢᠨ ᠲᠦᠨᠡᠷ ᠬᠠᠷᠠᠩᠭ᠋ᠤᠢ ᠪᠣᠯᠵᠤ

ᠴᠡᠴᠡᠭ᠌ ᠠᠯᠠᠭ᠎ᠠ᠂ ᠨᠠᠪᠴᠢ ᠠᠯᠠᠭ᠎ᠠ᠂ ᠨᠤᠭᠤᠭᠠᠨ ᠳᠠᠯ᠎ᠠ ᠮᠢᠨᠢ ᠠᠯᠠᠭ᠎ᠠ

ᠳᠠᠪᠬᠤᠷ ᠳᠠᠪᠬᠤᠷ ᠭᠦᠭᠡᠷᠡᠭᠦ ᠠᠭᠤᠯᠠᠰ ᠤᠨ ᠳᠡᠭᠡᠭᠦᠷ

ᠨᠠᠮ᠎ᠠ ᠶᠢ ᠴᠢᠭᠯᠡᠭᠡᠳ ᠨᠢᠰᠦᠭᠡᠳ ᠢᠷᠡᠳᠡᠭ᠌

ᠴᠢᠨᠤ ᠭᠦᠭᠡᠷᠦᠭᠦᠨ ᠳᠠᠭᠳᠠᠭ᠎ᠠ ᠴᠤ ᠠᠯᠭ᠎ᠠ ᠁

ᠪᠢ ᠲᠦᠨᠡᠷ ᠬᠠᠷᠠᠩᠭ᠋ᠤᠢ ᠶᠢᠨ ᠳᠤᠮᠳᠠ ᠣᠷᠤᠰᠢᠨ᠎ᠠ

ᠮᠢᠨᠤ ᠨᠢᠳᠤ ᠵᠥᠪᠭᠡᠨ

ᠣᠳᠤᠳ ᠤᠨ ᠭᠡᠭᠡ ᠲᠡᠶ ᠢᠵᠢᠯᠭᠡᠨ

ᠦᠪᠡᠷ ᠤᠨ ᠵᠢᠷᠦᠭᠡ ᠪᠠᠨ ᠯᠠ ᠳᠤᠳᠤ ᠬᠠᠷᠠᠨ᠎ᠠ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1644
ᠴᠠᠭ᠄ 2011 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ