ᠭᠠᠠᠵᠢᠶᠠᠩ ᠲᠡᠶ ᠬᠠᠯᠠᠭᠤᠨ ᠣᠰᠤᠨ ᠤ ᠡᠷᠡᠭᠦᠯ ᠮᠠᠠᠳᠤ ᠶᠢ ᠬᠠᠮᠠᠭᠠᠯᠠᠬᠤ ᠣᠢ᠌ᠯᠠᠳᠤᠯ

ᠠᠮᠢᠳᠤᠷᠠᠯ ᠳᠤᠮᠳᠠ ᠭᠠᠠᠵᠢᠶᠠᠩ ᠲᠡᠶ ᠬᠠᠯᠠᠭᠤᠨ ᠣᠰᠤ ᠨᠢ ᠭᠦᠢᠳᠡᠨ ᠡᠴᠠ ᠬᠠᠮᠠᠭᠠᠯᠠᠬᠤ ᠡᠴᠠ ᠭᠠᠳᠠᠨ᠎ᠠ ᠪᠠᠰᠠ ᠡᠷᠡᠭᠦᠯ ᠮᠠᠠᠳᠤ ᠶᠢ ᠬᠠᠮᠠᠭᠠᠯᠠᠬᠤ ᠣᠯᠠᠨ ᠳᠠᠯ᠎ᠠ ᠶᠢᠨ ᠣᠢ᠌ᠯᠠᠳᠤᠯ ᠲᠡᠶ ᠶᠤᠮ᠃

ᠨᠢᠭᠡ᠂ ᠶᠠᠷᠤ ᠶᠢᠨ ᠴᠠᠭ ᠲᠤ ᠡᠳᠦᠷ ᠪᠦᠷᠢ ᠶᠢᠨ ᠦᠷᠯᠦᠭᠡ ᠦᠳᠡᠰᠢ ᠳᠤ ᠭᠠᠠᠵᠢᠶᠠᠩ ᠲᠡᠶ ᠬᠠᠯᠠᠭᠤᠨ ᠣᠰᠤ ᠪᠠᠷ ᠠᠮᠠ ᠪᠠᠨ ᠵᠠᠢ᠌ᠯᠠᠵᠤ᠂ ᠣᠠᠳᠠᠬᠤ ᠡᠴᠠ ᠪᠠᠨ ᠡᠮᠤᠨ᠎ᠡ ᠨᠢᠭᠡ ᠴᠤᠮᠤ ᠭᠠᠠᠵᠢᠶᠠᠩ ᠲᠡᠶ ᠣᠰᠤ ᠣᠤᠭᠤᠵᠤ ᠪᠠᠢ᠌ᠪᠠᠯ ᠴᠢᠰᠤᠨ ᠤ ᠡᠷᠭᠢᠯᠳᠡ ᠶᠢ ᠰᠠᠢ᠌ᠵᠢᠷᠠᠭᠤᠯᠵᠤ ᠯᠤᠭᠰᠢᠭᠤᠨ ᠰᠤᠳᠠᠰᠤᠨ ᠤ ᠬᠠᠳᠠᠭᠤᠷᠠᠯ ᠢ ᠰᠡᠷᠭᠡᠢ᠌ᠯᠡᠭᠦ ᠶᠤᠮ᠃

ᠬᠤᠶᠠᠷ᠂ ᠠᠮᠠᠷᠠᠤ ᠭᠠᠷᠤᠭᠰᠠᠨ ᠦᠶᠡᠰ᠂ ᠡᠳᠦᠷ ᠪᠣᠯᠭᠠᠨ ᠭᠠᠠᠵᠢᠶᠠᠩ ᠲᠡᠶ ᠬᠠᠯᠠᠭᠤᠨ ᠣᠰᠤ ᠪᠠᠷ ᠬᠤᠶᠠᠷ ᠡᠴᠠ ᠭᠤᠷᠪᠠ ᠣᠳᠠᠭ᠎ᠠ ᠠᠮᠠ ᠪᠠᠨ ᠵᠠᠢ᠌ᠯᠠᠪᠠᠯ ᠭᠤᠷᠪᠠᠨ ᠡᠳᠦᠷ ᠤᠨ ᠳᠠᠷᠠᠭ᠎ᠠ ᠰᠢᠷᠬ᠎ᠠ ᠨᠢ ᠡᠳᠡᠭᠡᠷᠡᠨ᠎ᠡ᠃

ᠭᠤᠷᠪᠠ᠂ ᠮᠦᠷᠤ ᠨᠢᠷᠤᠭᠤ ᠡᠪᠠᠦᠡᠪᠠᠯ ᠭᠠᠠᠵᠢᠶᠠᠩ ᠲᠡᠶ ᠬᠠᠯᠠᠭᠤᠨ ᠣᠰᠤᠨ ᠳᠤ ᠵᠢᠭᠠᠬᠠᠨ ᠳᠠᠪᠣᠰᠤ ᠪᠠ ᠼᠤ ᠭᠢᠭᠡᠳ ᠠᠯᠴᠢᠭᠤᠷ ᠶᠢᠡᠷ ᠵᠢᠩ ᠪᠠᠷᠢᠪᠠᠯ ᠡᠪᠠᠦᠡᠭᠦ ᠶᠢ ᠭᠦᠩᠭᠡᠷᠡᠭᠦᠯᠳᠡᠭ᠌᠃

ᠳᠦᠷᠪᠡ᠂ ᠴᠢᠰᠤᠨ ᠳᠠᠷᠤᠯᠳᠠ ᠦᠨᠳᠦᠷ ᠡᠪᠠᠦᠡᠴᠢᠳᠡᠨ ᠤ ᠴᠢᠰᠤᠨ ᠳᠠᠷᠤᠯᠳᠠ ᠳᠡᠭᠡᠭ᠍ᠰᠢᠯᠡᠭᠦ ᠦᠶᠡᠰ᠂ ᠭᠠᠠᠵᠢᠶᠠᠩ ᠲᠡᠶ ᠬᠠᠯᠠᠭᠤᠨ ᠣᠰᠤᠨ ᠳᠤ ᠬᠤᠶᠠᠷ ᠭᠦᠯ ᠶᠢᠡᠨ 15 ᠮᠢᠨᠦ᠋ᠲ ᠳᠡᠪᠳᠦᠭᠡᠪᠠᠯ ᠴᠢᠰᠤᠨ ᠳᠠᠷᠤᠯᠳᠠ ᠨᠢ ᠳᠤᠷᠤᠭᠰᠢᠯᠠᠳᠠᠭ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ
ᠬᠠᠷᠢᠶ᠎ᠠ᠄ ᠡᠷᠡᠭᠦᠯ ᠡᠩᠬᠡ
ᠳᠠᠷᠤᠮ᠄ 6472
ᠴᠠᠭ᠄ 2010 ᠤᠨ ᠤ 04 ᠰᠠᠷ᠎ᠠ ᠶᠢᠨ 16