ᠭᠡᠷ ᠤᠨ ᠠᠬᠠᠮᠠᠤᠨ ᠲᠤ ᠦᠭ‍ᠭᠦ ᠰᠠᠨᠠᠭᠤᠯᠭ᠎ᠠ

1. ᠴᠢᠳᠠᠬᠤ ᠶᠢᠨ ᠳᠤᠳᠤᠷ᠎ᠠ ᠬᠡᠦᠬᠡᠳ ᠢ ᠮᠠᠭᠳᠠᠨ ᠰᠠᠢ᠌ᠰᠢᠶᠠᠨ᠎ᠠ᠃ ᠬᠡᠦᠬᠡᠳ ᠭᠡᠭ᠍ᠴᠢ ᠵᠤᠭᠢᠬᠤ ᠭᠡᠮᠵᠢᠶᠡᠨ ᠤ ᠪᠠᠶ᠎ᠠ ᠪᠠᠨ ᠢᠳᠡᠭᠡᠭᠦ ᠰᠡᠳᠬᠢᠯᠭᠡ ᠲᠡᠶ ᠪᠣᠯᠤᠮᠠᠨᠵᠢᠨ ᠰᠠ‍‌ᠶᠢ ᠴᠢᠷᠮᠠᠢ᠌ᠨ ᠰᠤᠷᠤᠯᠴᠠᠳᠠᠭ᠃ ᠨᠠᠩ ᠴᠤ ᠡᠳᠦᠷ ᠪᠦᠷᠢ ᠰᠤᠷᠤᠯᠭ᠎ᠠ ᠳᠡᠭᠡᠷ᠎ᠡ ᠪᠠᠨ ᠳᠠᠪᠰᠢᠯᠳᠠ ᠲᠡᠶ ᠪᠠᠢ᠌ᠭ᠎ᠠ ᠪᠠᠨ ᠣᠢ᠌ᠯᠭᠠᠵᠤ ᠴᠢᠳᠠᠬᠤ ᠨᠢ ᠵᠤᠭᠢᠬᠤ ᠭᠡᠮᠵᠢᠶ᠎ᠡ ᠪᠠᠷ ᠠᠯᠳᠠᠭ᠎ᠠ ᠪᠠᠨ ᠳᠠᠨᠢᠵᠤ ᠪᠠᠢ᠌ᠭ᠎ᠠ ᠶᠠᠪᠣᠳᠠᠯ ᠮᠦᠨ᠃

2. ᠬᠡᠦᠬᠡᠳ ᠤᠨ ᠶᠢᠡᠨ ᠰᠤᠷᠤᠯᠴᠠᠯᠭ᠎ᠠ ᠶᠢᠨ ᠠᠭᠤᠯᠭ᠎ᠠ ᠪᠣᠯᠤᠨ ᠪᠣᠳᠠᠳᠠᠢ ᠠᠯᠬᠤᠮ ᠳᠠᠪᠰᠢᠵᠤ ᠪᠠᠢ᠌ᠭ᠎ᠠ ᠪᠠᠢ᠌ᠳᠠᠯ ᠢ ᠦᠷᠭᠦᠯᠵᠢ ᠠᠩᠬᠠᠷᠤᠨ᠎ᠠ᠃ ᠬᠡᠦᠬᠡᠳ ᠡᠴᠠ ᠪᠠᠨ ᠣᠷᠴᠢᠮ ᠤᠨ ᠰᠤᠷᠤᠯᠴᠠᠯᠭ᠎ᠠ ᠶᠢᠨ ᠠᠭᠤᠯᠭ᠎ᠠ ᠶᠢ ᠰᠤᠷᠠᠭᠯᠠᠵᠤ᠂ ᠡᠵᠡᠮᠰᠢᠭ᠍ᠰᠡᠨ ᠨᠢ ᠭᠢᠷᠢ ᠵᠡᠷᠭᠡ ᠪᠣᠯᠬᠤ ᠶᠢ ᠣᠢ᠌ᠯᠠᠭᠠᠨ᠎ᠠ᠃

3. ᠬᠡᠦᠬᠡᠳ ᠲᠡᠭᠡᠨ ᠦᠷᠭᠦᠯᠵᠢ ᠭᠡᠳᠤᠨ ᠭᠢᠯᠪᠠᠷᠬᠠᠨ ᠭᠦᠢᠴᠡᠳᠭᠡᠵᠤ ᠳᠡᠢ᠌ᠯᠭᠦ ᠬᠠᠷᠠᠯᠳᠠ ᠳᠤᠭᠳᠠᠭᠠᠨ ᠦᠭ‍ᠭᠦᠨ᠎ᠡ᠃ ᠢᠩᠭᠢᠭᠦ ᠨᠢ ᠬᠡᠦᠬᠡᠳ ᠤᠨ ᠦᠪᠡᠷ ᠢ ᠪᠠᠨ ᠢᠳᠡᠭᠡᠭᠦ ᠰᠡᠳᠬᠢᠯᠭᠡ ᠶᠢ ᠪᠣᠢ ᠪᠣᠯᠭᠠᠵᠤ᠂ ᠣᠶᠤᠨ ᠪᠢᠯᠢᠭ᠌ ᠢ ᠨᠢ ᠨᠡᠭᠡᠭᠡᠭ᠍ᠳᠡᠭᠦᠯᠭᠦ ᠳᠤ ᠳᠤᠰᠠᠳᠠᠢ᠃

4. ᠬᠡᠦᠬᠡᠳ ᠤᠨ ᠰᠤᠷᠤᠯᠴᠠᠯᠭ᠎ᠠ ᠶᠢᠨ ᠱᠠᠭᠠᠷᠳᠠᠯᠭ᠎ᠠ ᠳᠤ ᠳᠤᠭᠢᠷᠠᠭᠤᠯᠤᠨ᠂ ᠡᠳᠦᠷ ᠳᠤᠳᠤᠮ ᠤᠨ ᠠᠮᠢᠳᠤᠷᠠᠯ ᠳᠤᠮᠳᠠᠭᠢ ᠡᠯ᠎ᠡ ᠵᠣᠢ᠌ᠯ ᠤᠨ ᠲᠤᠬᠢᠶᠠᠯ ᠢ ᠠᠯᠳᠠᠯ ᠦᠭᠡᠶ ᠠᠰᠢᠭᠯᠠᠨ᠎ᠠ᠃

5. ᠬᠡᠦᠬᠡᠳ ᠢ ᠬᠠᠷᠢᠭᠤᠴᠠᠯᠭᠠᠳᠤ ᠰᠡᠳᠬᠢᠯᠭᠡ ᠲᠡᠶ ᠪᠣᠯᠭᠠᠨ ᠭᠦᠮᠦᠵᠢᠭᠦᠯᠤᠨ᠎ᠡ᠃ ᠬᠡᠦᠬᠡᠳ ᠶᠢᠡᠷ ᠠᠶᠠᠭ᠎ᠠ᠂ ᠠᠯᠴᠢᠭᠤᠷ ᠵᠡᠷᠭᠡ ᠶᠢ ᠣᠭᠢᠶᠠᠯᠭᠠᠵᠤ ᠰᠤᠷᠭᠠᠨ ᠦᠪᠡᠷ ᠤᠨ ᠶᠢᠡᠨ ᠣᠷᠤ ᠳᠡᠪᠢᠰᠭᠡᠷ᠂ ᠪᠢᠴᠢᠭ᠌ ᠤᠨ ᠭᠡᠷᠡᠭ᠍ᠰᠡᠯ ᠵᠡᠷᠭᠡ ᠪᠠᠨ ᠳᠠᠷᠢ ᠳᠡᠭ᠍ᠰᠢ ᠪᠠᠢ᠌ᠯᠭᠠᠵᠤ ᠪᠠᠶ᠎ᠠ ᠪᠠᠨ ᠳᠠᠭᠠᠭᠠᠬᠤ ᠴᠢᠳᠠᠪᠣᠷᠢ ᠲᠡᠶ ᠪᠣᠯᠭᠠᠨ ᠭᠦᠮᠦᠵᠢᠭᠦᠯᠤᠨ᠎ᠡ᠃

6. ᠬᠡᠦᠬᠡᠳ ᠲᠤ ᠪᠠᠶ᠎ᠠ ᠪᠠᠷ ᠶᠢᠡᠨ ᠭᠡᠪ ᠳᠦᠷᠢᠮ ᠪᠣᠯᠬᠤ ᠭᠡᠷᠡᠭ᠍ᠳᠡᠢ᠃

7. ᠬᠡᠦᠬᠡᠳ ᠤᠨ ᠵᠠᠬ᠎ᠠ ᠳᠤ ᠪᠠᠭᠰᠢ ᠶᠢ ᠰᠢᠭᠦᠮᠵᠢᠯᠡᠨ ᠶᠠᠷᠢᠯᠴᠠᠬᠤ ᠶᠢ ᠴᠡᠭᠡᠷᠯᠡᠨ᠎ᠡ᠃ ᠨᠠᠩ ᠴᠤ ᠬᠡᠦᠬᠡᠳ ᠤᠨ ᠵᠠᠬ᠎ᠠ ᠳᠤ ᠪᠠᠭᠰᠢ ᠶᠢ ᠳᠤᠤᠷᠠᠰᠢᠶᠠᠨ ᠭᠡᠯᠡᠯᠴᠡᠵᠤ ᠪᠣᠯᠬᠤ ᠥᠭᠡᠢ᠃

8. ᠭᠡᠷ ᠪᠦᠯᠢ ᠶᠢᠨ ᠰᠤᠷᠤᠯᠴᠠᠬᠤ ᠳᠦᠷᠢᠮ ᠢ ᠳᠤᠭᠳᠠᠭᠠᠨ᠎ᠠ᠃ ᠭᠡᠭᠦ ᠮᠥᠷᠳᠡᠭᠡᠨ ᠦᠪᠡᠷ ᠤᠨ ᠪᠠᠶ᠎ᠠ ᠪᠠᠷ ᠶᠢᠡᠨ ᠳᠠᠭᠤᠷᠢᠶᠠᠯ ᠪᠣᠯᠵᠤ ᠪᠠᠷᠢᠮᠳᠠᠯᠠᠨ᠂ ᠭᠡᠷ ᠪᠦᠯᠢ ᠶᠢᠨ ᠰᠠᠢ᠌ᠨ ᠰᠠᠢ᠌ᠬᠠᠨ ᠰᠤᠷᠤᠯᠴᠠᠵᠤ ᠠᠮᠠᠷᠠᠬᠤ ᠳᠠᠳᠬᠠᠯ ᠢ ᠪᠣᠢ ᠪᠣᠯᠭᠠᠬᠤ ᠭᠡᠷᠡᠭ᠍ᠳᠡᠢ᠃

9. ᠬᠡᠦᠬᠡᠳ ᠢ ᠰᠡᠩᠭᠡᠷᠡᠭᠦᠯᠤᠨ ᠠᠰᠪᠣᠷᠢ ᠴᠠᠭᠠᠪᠣᠷ ᠶᠢᠡᠷ ᠠᠰᠠᠭᠤᠳᠠᠯ ᠢ ᠳᠤᠷᠠᠳᠴᠤ ᠭᠠᠷᠭᠠᠯᠭᠠᠨ᠎ᠠ᠃ ᠮᠦᠨᠴᠤ ᠬᠡᠦᠬᠡᠳ ᠢ ᠣᠯᠠᠨ ᠣᠯᠠᠨ ᠠᠰᠠᠭᠤᠯᠳᠠ ᠳᠤᠷᠠᠳᠴᠤ ᠳᠡᠢ᠌ᠯᠭᠦ ᠪᠠᠷ ᠭᠦᠮᠦᠵᠢᠭᠦᠯᠤᠨ᠎ᠡ᠃

10. ᠬᠡᠦᠬᠡᠳ ᠲᠤ ᠰᠤᠷᠭᠠᠭᠤᠯᠢ ᠳᠤ ᠶᠠᠪᠣᠬᠤ ᠨᠢ ᠡᠷᠭᠢᠮ ᠭᠡᠰᠡᠨ ᠢ ᠣᠢ᠌ᠯᠠᠭᠤᠯᠤᠨ᠎ᠠ᠃ ᠶᠠᠭᠠᠭᠢᠭᠰᠠᠨ ᠴᠤ ᠭᠢᠴᠢᠶᠠᠯ ᠡᠴᠠ ᠨᠢ ᠰᠠᠭᠠᠳᠠᠭᠠᠵᠤ ᠪᠣᠯᠬᠤ ᠦᠭᠡᠶ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ ᠪᠠᠭᠤᠯᠭᠠᠪᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3771
ᠴᠠᠭ᠄ 2010 ᠤᠨ ᠤ 04 ᠰᠠᠷ᠎ᠠ ᠶᠢᠨ 01