ᠵᠡᠭᠦᠳᠤᠨ ᠴᠢᠮᠡᠭᠡ

ᠨᠢᠳᠤᠨᠤᠨ ᠵᠤᠨ ᠤ ᠠᠮᠠᠷᠠᠯᠳᠠ ᠳᠠᠯᠪᠢᠭᠰᠠᠨ ᠳᠠᠷᠠ ᠡᠳᠦᠷ ᠪᠢ ᠨᠠᠢ᠌ᠳᠠ ᠶᠢᠨ ᠮᠠᠰᠢᠨ ᠳᠤ ᠰᠢᠬᠠᠯᠳᠤᠨ ᠰᠠᠭᠤᠵᠤ᠂ ᠨᠤᠳᠤᠭ ᠶᠢᠡᠨ ᠴᠢᠭᠯᠡᠭ᠍ᠰᠡᠨ ᠶᠤᠮ᠃ ᠬᠤᠶᠠᠷ ᠴᠠᠭ ᠭᠠᠷᠤᠢ ᠠᠶᠠᠯᠠᠨ ᠳᠦᠩᠭᠡᠵᠢ ᠨᠤᠳᠤᠭ ᠤᠨ ᠶᠢᠡᠨ ᠪᠠᠷ᠎ᠠ ᠶᠢ ᠣᠯᠵᠤ ᠬᠠᠷᠠᠯ᠎ᠠ᠃

ᠨᠤᠳᠤᠭ ᠤᠨ ᠶᠢᠡᠨ ᠭᠦᠷᠦᠰᠤᠨ ᠳᠤ ᠭᠦᠯ ᠳᠠᠯᠪᠢᠭᠰᠠᠨ ᠮᠠᠨᠢ ᠬᠠᠰᠢᠯᠠ ᠣᠠᠳᠤᠤ᠂ ᠳᠤᠳᠤᠨᠤ ᠰᠠᠨᠠᠭᠳᠠᠨ ᠳᠠᠯ᠎ᠠ ᠳᠤ ᠳᠠᠪᠤᠨ ᠬᠤᠰᠢᠭᠤ ᠮᠠᠯ ᠳᠠᠷᠬᠠᠨ ᠪᠠᠯᠴᠢᠵᠤ ᠨᠤᠳᠤᠭ ᠤᠨ ᠮᠢᠨᠢ ᠠᠭᠤᠯᠠ ᠰᠦᠨᠳᠠᠷᠯᠠᠨ᠎ᠠ᠃ ᠰᠠᠤᠠᠭᠢᠯ ᠴᠤ ᠨᠢᠭᠡᠯᠡ ᠳᠤᠭᠳᠠᠪᠣᠷᠢ ᠠᠯᠳᠠᠨ᠂ ᠠᠪᠣ ᠡᠵᠢ ᠲᠡᠶ ᠪᠠᠨ ᠠᠭᠤᠯᠵᠠᠬᠤ ᠶᠢ ᠶᠠᠭᠠᠷᠠᠯ᠎ᠠ᠃

ᠵᠠᠮ ᠶᠢᠡᠷ ᠥᠩᠭᠡᠷᠡᠭᠦ ᠳᠤ ᠨᠤᠳᠤᠭ ᠤᠨ ᠭᠦᠮᠦᠰ ᠤᠨ ᠵᠠᠷᠢᠮ ᠨᠢ ᠱᠤᠤᠳᠠᠢ ᠲᠡᠶ ᠶᠠᠭᠤᠮ᠎ᠠ ᠡᠭᠦᠷᠤᠨ᠂ ᠪᠠᠰᠠ ᠣᠬᠤᠭᠤᠷ ᠰᠢᠭ ᠶᠠᠭᠤᠮ᠎ᠠ ᠠᠪᠴᠤ ᠶᠠᠪᠣᠵᠤ ᠪᠠᠢ᠌ᠯ᠎ᠠ᠃ ᠪᠢ ᠭᠠᠢ᠌ᠬᠠᠭᠰᠠᠨ ᠪᠣᠯᠪᠠᠴᠤ ᠠᠪᠣ ᠡᠵᠢ ᠠᠬ᠎ᠠ ᠳᠡᠭᠦᠤ ᠰᠠᠳᠤᠨ ᠶᠢᠡᠨ ᠥᠵᠡᠭᠦ ᠭᠡᠵᠤ ᠶᠠᠭᠠᠷᠠᠭᠰᠠᠨ ᠳᠤᠯᠠ ᠳᠠᠢ᠌ᠮᠤ ᠣᠯᠠᠨ ᠪᠣᠳᠤᠯ ᠶᠠᠷᠤ ᠣᠷᠤᠭ᠎ᠠ ᠦᠭᠡᠶ᠃ ᠠᠷᠭ᠎ᠠ ᠦᠭᠡᠶ ᠯᠠ ᠳ᠋ᠠ᠂ ᠪᠢ ᠬᠤᠳᠠ ᠶᠢᠨ ᠰᠤᠷᠭᠠᠭᠤᠯᠢ ᠳᠤ ᠰᠠᠭᠤᠭᠠᠤᠨ ᠭᠡᠷ ᠡᠴᠡ ᠪᠠᠨ ᠰᠠᠯᠵᠤ ᠬᠤᠶᠠᠷ ᠰᠠᠷ᠎ᠠ ᠢᠯᠡᠭᠦᠤ ᠪᠣᠯᠴᠢᠬᠠᠯ᠎ᠠ᠃ ᠭᠡᠷ ᠶᠢᠡᠨ ᠰᠠᠨᠠᠭᠰᠠᠨ ᠭᠡᠵᠤ ᠭᠡᠴᠡᠭᠦᠤ᠃ ᠭᠡᠷ ᠲᠤ ᠪᠠᠨ ᠣᠴᠢᠬᠤ ᠳᠤ ᠡᠵᠢ ᠨᠠᠮ᠎ᠠ ᠶᠢ ᠢᠷᠡᠭᠦ ᠶᠢ ᠮᠡᠳᠡᠭᠡᠤᠨ ᠪᠣᠳᠠᠭ᠎ᠠ ᠨᠤᠭᠤᠭ᠎ᠠ ᠪᠠᠨ ᠪᠠᠯᠠᠨ ᠪᠣᠯᠭᠠᠭᠠᠤᠨ ᠭᠦᠯᠢᠶᠡᠵᠤ ᠪᠠᠢ᠌ᠯ᠎ᠠ᠃ ᠠᠪᠣ ᠴᠤ ᠡᠳᠦᠷ ᠤᠨ ᠠᠵᠢᠯ ᠶᠢᠡᠨ ᠪᠠᠷᠠᠨ ᠣᠷᠤᠵᠤ ᠢᠷᠡᠭᠡᠤᠨ ᠬᠠᠠᠵᠤᠨ ᠳᠡᠭᠡᠷ᠎ᠡ ᠡᠵᠡᠨ ᠭᠦᠮᠤᠨ ᠤ ᠮᠠᠶ‍ᠢᠭᠳᠠᠢ ᠵᠠᠪᠢᠯᠠᠨ ᠰᠠᠭᠤᠵᠤ ᠪᠠᠢ᠌ᠪᠠ᠃

ᠳᠡᠭᠦᠤ ᠨᠠᠮᠢ᠋ᠢ ᠥᠵᠡᠭᠡᠤᠨ ᠪᠠᠯ ᠪᠣᠷᠠᠮ ᠢᠳᠡᠭ᠍ᠰᠡᠨ ᠰᠢᠭ᠌ ᠪᠣᠯᠵᠤ ᠪᠦᠭᠦᠳᠡᠭᠡᠷ ᠪᠦᠭᠡᠮ ᠪᠠᠶᠠᠷ ᠪᠣᠯᠤᠯ᠎ᠠ᠃ ᠡᠨᠡ ᠦᠶ᠎ᠡ ᠳᠤ ᠳᠡᠭᠦᠤ ᠮᠢᠨᠢ ᠥᠭᠡ ᠡᠭᠦᠰᠭᠡᠭᠦ ᠭᠡᠰᠡᠨ ᠰᠢᠭ᠌ ᠨᠠᠳᠠ ᠳᠤ : 《ᠡᠭᠡᠴᠢ ᠡ︕ ᠠᠢ᠌ᠯ ᠤᠨ ᠠᠪᠠᠭ᠎ᠠ ᠨᠡᠷ ᠪᠦᠷ ᠣᠬᠠᠭᠠᠨ ᠦᠭᠡᠶ᠂ ᠳᠡᠷᠡᠭᠦ ᠡᠮ ᠤᠨ ᠦᠨᠳᠦᠰᠦ ᠭᠡᠭᠦ ᠣᠷᠭᠤᠮᠠᠯ ᠢ ᠪᠦᠷ ᠣᠬᠤᠴᠢᠬᠠᠭᠰᠠᠨ ᠰᠢᠤ》 ᠭᠡᠯ᠎ᠡ᠃ ᠡᠵᠢ ᠠᠪᠣ ᠴᠤ ᠰᠠᠤᠠᠭᠢᠯ ᠵᠤᠪᠠᠭᠰᠠᠨ ᠮᠠᠶ‍ᠢᠭᠳᠠᠢ ᠨᠠᠳᠠ ᠳᠤ᠄ 《ᠭᠦᠮᠦᠰ ᠴᠦᠮ ᠡᠮ ᠤᠨ ᠦᠨᠳᠦᠰᠦ ᠣᠬᠤᠭᠠᠤᠨ ᠰᠣᠢ᠌ᠤᠨ ᠪᠣᠯᠵᠤ ᠪᠠᠢ᠌ᠨ᠎ᠠ》 ᠭᠡᠪᠡ᠃ ᠪᠢ ᠠᠩᠬᠠᠨ ᠤ ᠶᠠᠪᠣᠳᠠᠯ ᠢ ᠰᠠᠨᠠᠭᠠᠨ ᠳᠤ ᠣᠷᠤᠵᠤ᠂ ᠪᠦᠭᠦ ᠣᠴᠢᠷ ᠢ ᠪᠦᠷᠢᠨ ᠣᠢ᠌ᠯᠠᠭᠠᠯ᠎ᠠ᠃ ᠱᠤᠤᠳᠠᠢ ᠲᠡᠶ ᠶᠠᠭᠤᠮ᠎ᠠ ᠨᠢ ᠬᠠᠷᠢᠨ ᠡᠮ ᠤᠨ ᠦᠨᠳᠦᠰᠦ ᠪᠠᠢ᠌ᠭᠰᠠᠨ ᠠᠵᠠᠢ᠃

ᠡᠵᠢ ᠪᠠᠰᠠ᠄ 《ᠶᠠᠪᠣᠳᠠᠯ ᠦᠭᠡᠶ ᠭᠢᠳᠠᠯ ᠠᠯᠳᠠᠳᠠᠭ ᠭᠦᠮᠦᠰ ᠣᠳᠤ ᠡᠮ ᠤᠨ ᠦᠨᠳᠦᠰᠦ ᠣᠬᠤᠵᠤ᠂ ᠬᠤᠳᠠ ᠣᠷᠤᠵᠤ ᠬᠤᠳᠠᠯᠳᠤᠭᠠᠤᠨ ᠡᠳᠦᠷ ᠲᠤ 500 ᠰᠢᠬᠠᠮ ᠵᠤᠭᠤᠰ ᠣᠯᠬᠤ ᠪᠣᠯᠵᠠᠢ ᠰᠢᠤ︕》 ᠭᠡᠯ᠎ᠡ᠃ ᠳᠡᠭᠦᠤ ᠡᠵᠢ ᠶᠢᠨ ᠥᠭᠡ ᠶᠢ ᠡᠯᠭᠦᠨ ᠠᠪᠴᠤ᠄ 《ᠦᠨᠳᠦᠰᠦ ᠭᠡᠳᠡᠭ᠌ ᠪᠣᠯ ᠮᠢᠨᠤ ᠨᠠᠷ᠎ᠠ᠂ ᠭᠡᠨ ᠴᠤ ᠮᠢᠨᠤ ᠨᠠᠷ᠎ᠠ ᠶᠢ ᠠᠪᠴᠤ ᠴᠢᠳᠠᠬᠤ ᠦᠭᠡᠶ᠂ ᠪᠢ ᠯᠠᠪ ᠦᠨᠳᠦᠰᠦ ᠣᠬᠤᠭᠤᠯᠬᠤ ᠦᠭᠡᠶ》 ᠭᠡᠵᠤ ᠬᠤᠪᠢ ᠪᠠᠷ ᠶᠢᠡᠨ ᠨᠢᠭᠡ ᠶᠠᠭᠤᠮ᠎ᠠ ᠶᠠᠷᠢᠨ᠎ᠠ᠃ ᠥᠵᠡᠭᠦ ᠳᠤ ᠳᠡᠭᠦᠤ ᠴᠤ ᠳᠤᠷ᠎ᠠ ᠥᠭᠡᠢ᠌ᠴᠡᠵᠤ ᠪᠠᠢ᠌ᠭ᠎ᠠ ᠪᠠᠢ᠌ᠳᠠᠯ ᠲᠡᠶ᠃ ᠮᠠᠨ ᠤ ᠬᠤᠭᠤᠯᠠᠨ ᠰᠢᠷᠡᠭᠡ ᠡᠨᠡ ᠮᠠᠳᠤ ᠶᠠᠷᠢᠶ᠎ᠠ ᠪᠠᠷ ᠳᠡᠭᠦᠰᠴᠤ ᠳᠠᠮᠠᠢ ᠯᠠ ᠥᠩᠭᠡᠷᠡᠯ᠎ᠡ᠃

ᠰᠦᠨᠢ ᠪᠣᠯᠬᠤ ᠳᠤ ᠨᠣᠢ᠌ᠷ ᠬᠤᠯᠵᠢᠨ ᠪᠣᠳᠤᠯ ᠳᠤ ᠮᠢᠨᠢ ᠡᠨᠡ ᠳᠠᠷᠠ ᠣᠷᠤᠵᠤ ᠢᠷᠠᠨ ᠵᠥᠭ᠍ᠳᠡᠢ ᠣᠠᠳᠠᠵᠤ ᠳᠡᠢ᠌ᠯᠦᠭ᠍ᠰᠡᠨ ᠦᠭᠡᠶ᠃ ᠨᠢᠭᠡ ᠮᠡᠳᠡᠭᠦ ᠳᠤ ᠨᠠᠷᠠᠨ ᠤ ᠭᠡᠷᠡᠯ ᠡᠷᠦᠭᠡ ᠪᠠᠷ ᠳᠤᠰᠴᠤ ᠭᠡᠷ ᠳᠤᠳᠤᠷᠠᠭᠢ ᠠᠯᠢᠪᠠ ᠪᠦᠭᠦᠨ ᠢ ᠭᠡᠢ᠌ᠭᠦᠯᠦᠨ᠎ᠡ᠃ ᠪᠢ ᠶᠠᠭᠠᠷᠠᠨ ᠪᠣᠰᠴᠤ ᠠᠪᠣ ᠳᠤ ᠬᠠᠪᠰᠤᠷᠠᠬᠤ ᠪᠠᠷ ᠭᠠᠷᠬᠤ ᠳᠤ ᠪᠠᠨ ᠳᠡᠳᠡᠭᠡᠷ ᠱᠤᠤᠳᠠᠢ ᠪᠠᠷᠢᠨ ᠣᠬᠤᠭᠤᠷ ᠠᠤᠠᠬᠤᠭᠰᠠᠨ ᠭᠦᠮᠦᠰ ᠢ ᠥᠵᠡᠭᠡᠤᠨ ᠳᠤᠳᠤᠷ᠎ᠠ ᠪᠠᠨ᠄ 《ᠳᠠᠳᠠ ᠴᠤ ᠠᠵᠢᠯ ᠳᠤ ᠪᠠᠨ ᠭᠠᠷᠤᠯ᠎ᠠ ᠪᠠᠢ᠌ᠬᠤ》 ᠭᠡᠵᠤ ᠪᠣᠳᠤᠯ᠎ᠠ᠃

ᠪᠢ ᠠᠵᠢᠯ ᠭᠢᠵᠤ ᠪᠠᠢ᠌ᠬᠤ ᠵᠠᠭᠤᠷ᠎ᠠ ᠠᠪᠣ ᠡᠵᠢ ᠶᠢᠨ ᠶᠢᠡᠨ ᠨᠢᠭᠡ ᠮᠢᠨᠦ᠋ᠲ ᠨᠢᠭᠡ ᠰᠸᠺᠦᠨᠳ᠋ ᠢ ᠴᠤ ᠠᠯᠳᠠᠯ ᠦᠭᠡᠶ ᠦᠪᠡᠷ ᠤᠨ ᠭᠦᠴᠤ ᠭᠦᠳᠡᠯᠮᠦᠷᠢ ᠪᠠᠷ ᠶᠢᠡᠨ ᠦᠷ᠎ᠡ ᠶᠢᠨ ᠶᠢᠡᠨ ᠳᠦᠯᠦᠭᠡ ᠦᠪᠡᠷ ᠢ ᠪᠠᠨ ᠬᠠᠢ᠌ᠷᠠᠯᠠᠬᠤ ᠦᠭᠡᠶ ᠠᠵᠢᠯᠯᠠᠵᠤ ᠪᠠᠢ᠌ᠬᠤ ᠶᠢ ᠥᠵᠡᠭᠡᠤᠨ ᠳᠤᠳᠤᠷ᠎ᠠ ᠡᠪᠭᠦᠢᠷᠡᠨ᠂ ᠳᠡᠳᠡᠭᠡᠷ ᠡᠮ ᠤᠨ ᠦᠨᠳᠦᠰᠦ ᠮᠠᠯᠳᠠᠳᠠᠭ ᠭᠦᠮᠦᠰ ᠲᠤ ᠬᠤᠷᠤᠰᠬᠤ ᠪᠣᠳᠤᠯ ᠣᠷᠤᠯ᠎ᠠ᠃

ᠳᠠᠷᠠ ᠡᠳᠦᠷ ᠡᠴᠡ ᠬᠣᠢ᠌ᠰᠢ ᠪᠢ ᠵᠠᠷᠢᠮ ᠰᠦᠨᠢ ᠳᠤ ᠪᠠᠨ ᠨᠤᠳᠤᠭ ᠮᠢᠨᠢ ᠭᠠᠮᠰᠢᠭ ᠲᠤ ᠳᠠᠭᠠᠷᠢᠭᠳᠠᠯ᠎ᠠ᠂ ᠨᠤᠳᠤᠭ ᠤᠨ ᠠᠷᠠᠤᠨ ᠣᠭᠢᠯᠠᠵᠤ ᠣᠠᠵᠢᠨ ᠪᠠᠢ᠌ᠭᠠᠯᠢ ᠶᠢᠨ ᠭᠠᠮᠰᠢᠭ ᠢᠷᠠᠯ᠎ᠠ᠂ ᠭᠠᠯᠪᠠ ᠶᠡᠭᠦᠷᠡᠯ᠎ᠡ ᠭᠡᠵᠤ ᠬᠠᠰᠭᠢᠷᠴᠤ ᠪᠠᠢ᠌ᠬᠤ ᠮᠠᠳᠤ ᠶᠢᠨ ᠬᠠᠷ᠎ᠠ ᠳᠠᠷᠤᠭᠰᠠᠨ ᠵᠡᠭᠦᠳᠤᠨ ᠡᠴᠡ ᠰᠤᠴᠢᠨ ᠰᠡᠷᠢᠳᠡᠭ᠌ ᠪᠣᠯᠤᠭᠰᠠᠨ ᠶᠤᠮ᠃

ᠪᠣᠳᠤᠬᠤ ᠳᠤ ᠪᠠᠢ᠌ᠭᠠᠯᠢ ᠡᠵᠢ ᠡᠴᠡ ᠢᠷᠡᠭ᠍ᠰᠡᠨ ᠴᠢᠮᠡᠭᠡ ᠪᠠᠢ᠌ᠬᠤ ᠡ᠁


ᠵᠤᠬᠢᠶᠠᠭᠴᠢ : ᠴᠢᠪᠠᠭ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ 7.6 ᠵᠢᠨ ᠠ᠊·ᠣᠷᠭᠤᠮᠠᠯ

ᠵᠢᠯᠤᠭᠤᠳᠤᠭᠰᠠᠨ ᠪᠠᠭᠰᠢ : ᠰᠠᠢ᠌ᠠᠪᠠᠶᠠᠷ

ᠵᠤᠬᠢᠶᠠᠭᠴᠢ᠄ ᠠ᠊·ᠣᠷᠭᠤᠮᠠᠯ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2922
ᠴᠠᠭ᠄ 2008 ᠤᠨ ᠤ 12 ᠰᠠᠷ᠎ᠠ ᠶᠢᠨ 07