ᠮᠥᠩᠭᠡ ᠰᠤᠶᠤᠯ ᠤᠨ ᠪᠣᠯᠵᠤᠭ᠎ᠠ

ᠳᠠᠶᠠᠭᠠᠷ ᠣᠯᠠᠨ ᠮᠤᠩᠭ᠋ᠤᠯᠴᠤᠳ ᠤᠨ

ᠳᠠᠷᠬᠠᠨ ᠰᠤᠶᠤᠯ ᠤᠨ ᠳᠠᠯᠠᠯᠭ᠎ᠠ

ᠳᠠᠩᠴᠢ ᠬᠤᠯᠠ ᠶᠢᠨ ᠠᠶᠠᠨ ᠤ

ᠳᠠᠯᠠᠪᠴᠢᠨ ᠳᠤ ᠮᠥᠩᠭᠡᠷᠡᠭᠦ ᠳᠡᠦᠭᠡ

ᠳᠠᠷᠴᠤᠭ ᠭᠦᠭᠡ ᠳᠤᠭ ᠤᠨ

ᠳᠡᠷᠪᠠᠭᠡᠨ ᠳᠤ ᠥᠤᠷᠰᠡᠭᠦ ᠭᠡᠢ᠌ᠮᠦᠷᠢ

ᠳᠠᠯᠠᠢ ᠨᠠᠭᠤᠷ ᠤᠨ ᠳᠤᠯᠭᠢᠶᠠᠨ ᠳᠡᠭᠡᠷ᠎ᠡ

ᠳᠠᠪᠬᠤᠷᠯᠠᠵᠤ ᠢᠪᠢᠯᠭᠦ ᠰᠢᠯᠦᠭ᠌

ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ

ᠵᠠᠭᠤᠨ ᠵᠠᠭᠤᠨ ᠣᠨ ᠤ

ᠵᠤᠳᠤᠭ ᠪᠦᠳᠤᠨ ᠥᠯᠢᠭᠡᠷ ᠳᠡᠦᠭᠡ ᠪᠠᠨ

ᠵᠢᠷᠦᠭᠡ ᠳᠠᠷᠢᠭᠢ ᠬᠤᠶᠠᠷ ᠲᠠᠭᠠᠨ

ᠵᠡᠭᠦᠵᠤ ᠰᠢᠩᠭᠡᠭᠡᠵᠤ ᠥᠳᠡᠯᠦᠭ᠍ᠰᠡᠨ

ᠵᠥᠭ᠌ ᠵᠤᠪᠭᠢᠰ ᠤᠨ ᠪᠣᠭᠤᠷᠤᠯᠴᠤᠳ ᠮᠢᠨᠢ

ᠵᠡᠭᠦᠳᠦᠯᠡᠵᠤ ᠵᠦᠩᠨᠠᠵᠤ ᠶᠠᠪᠣᠭᠰᠠᠨ ᠮᠥᠷᠦᠭᠡᠳᠦᠯ ᠢ

ᠵᠤᠨ ᠰᠢᠭ ᠬᠠᠯᠠᠭᠤᠨ ᠶᠢᠡᠷ ᠣᠭᠳᠤᠵᠤ

ᠵᠢᠷᠤᠭ ᠰᠢᠭ ᠬᠠᠵᠠᠭᠤ ᠳᠤ ᠳᠡᠯᠭᠡᠳᠡᠭ᠌

ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ

ᠭᠦᠪᠴᠢᠨ ᠨᠤᠭᠤᠭᠠᠨ ᠳᠠᠯ᠎ᠠ ᠶᠢᠨ ᠶᠢᠡᠨ

ᠴᠡᠴᠡᠭ᠌ ᠢ ᠮᠦᠰᠢᠶᠠᠳᠠᠯ᠎ᠠ ᠳᠠᠭᠤᠯᠠᠳᠠᠭ

ᠭᠦᠷᠮ᠎ᠡ ᠴᠡᠩᠭᠡᠷ ᠬᠠᠳᠠᠨ ᠤ ᠪᠠᠨ

ᠴᠢᠯᠠᠭᠤ ᠶᠢ ᠨᠤᠷᠠᠳᠠᠯ᠎ᠠ ᠰᠢᠯᠦᠭᠯᠡᠳᠡᠭ᠌

ᠭᠦᠰᠡᠯ ᠢᠷᠡᠭᠡᠳᠦᠢ ᠬᠤᠶᠠᠷ ᠶᠢᠡᠨ

ᠴᠤᠯᠤ ᠮᠤᠩᠭ᠋ᠤᠯ ᠶᠢᠡᠷ ᠢᠷᠦᠭᠡᠳᠡᠭ᠌

ᠭᠦᠭ᠍ᠵᠢᠯ ᠪᠠᠳᠠᠷᠠᠯ ᠬᠤᠶᠠᠷ ᠶᠢᠡᠨ

ᠴᠠᠪᠠᠷ ᠠᠷᠢᠭᠤᠨ ᠶᠢᠡᠷ ᠰᠡᠢ᠌ᠯᠳᠡᠭ᠌

ᠬᠤᠨᠢᠨ ᠤ ᠪᠣᠷᠤ ᠮᠠᠯᠴᠢᠳ ᠪᠣᠶᠤ

ᠬᠤᠳᠠ ᠶᠢᠨ ᠪᠣᠳᠤᠯᠭᠠᠨ ᠤ ᠮᠤᠩᠭ᠋ᠤᠯᠴᠤᠳ ᠤᠨ ᠮᠢᠨᠢ

ᠰᠠᠷᠠᠯ ᠤᠨ ᠴᠢᠯᠡᠭᠡ ᠶᠢ ᠳᠠᠢ᠌ᠯᠳᠠᠭ

ᠰᠫᠢᠷᠲ᠋ ᠪᠢᠰᠢ ᠷᠠᠰᠢᠶᠠᠨ

ᠰᠠᠤᠠᠭᠢᠯ ᠤᠨ ᠴᠢᠯᠦᠭᠡ ᠶᠢ ᠳᠠᠨᠢᠭᠤᠯᠳᠠᠭ

ᠰᠠᠷᠴᠢᠮ ᠪᠢᠰᠢ ᠡᠷᠳᠡᠮ

ᠮᠤᠩᠭ᠋ᠤᠯ ᠰᠤᠶᠤᠯ ᠤᠨ ᠪᠣᠯᠵᠤᠭ᠎ᠠ ᠪᠠᠢ᠌ᠭᠰᠠᠨ᠃

ᠭᠠᠵᠠᠷ ᠭᠠᠵᠠᠷ ᠤᠨ ᠭᠠᠯᠠᠭᠤᠳ ᠢ

ᠭᠠᠩᠭ᠋ᠠᠨᠠᠭᠤᠯᠵᠤ ᠨᠢᠭᠡ ᠵᠠᠯ᠎ᠠ ᠪᠣᠯᠭᠠᠳᠠᠭ

ᠭᠠᠯ ᠭᠠᠯ ᠤᠨ ᠢᠯᠴᠢ ᠶᠢ

ᠴᠤᠭᠰᠢᠭᠤᠯᠵᠤ ᠨᠢᠭᠡ ᠲᠦᠯᠦ ᠪᠣᠯᠭᠠᠳᠠᠭ

ᠭᠠᠷ ᠭᠠᠷ ᠤᠨ ᠬᠠᠯᠠᠭᠤᠨ ᠢ

ᠠᠤᠠᠬᠠᠭᠤᠯᠵᠤ ᠨᠢᠭᠡ ᠰᠠᠤᠠᠭᠢᠯ ᠪᠣᠯᠭᠠᠳᠠᠭ

ᠭᠠᠢ᠌ᠬᠠᠮᠰᠢᠭᠳᠤ ᠮᠤᠩᠭ᠋ᠤᠯ ᠰᠤᠶᠤᠯ ᠶᠢᠡᠨ

ᠴᠤᠭᠯᠠᠭᠤᠯᠵᠤ ᠨᠢᠭᠡ ᠰᠤᠳᠤᠷ ᠪᠣᠯᠭᠠᠳᠠᠭ

ᠭᠠᠳᠠᠨ᠎ᠠ ᠶᠢᠨ ᠭᠦᠮᠦᠰ ᠤᠨ ᠰᠤᠨᠤᠷ ᠢ

ᠭᠠᠢ᠌ᠬᠠᠭᠤᠯᠵᠤ ᠨᠢᠭᠡ ᠰᠦᠷ ᠪᠣᠰᠬᠠᠳᠠᠭ

ᠭᠠᠭᠴᠠ ᠳᠦᠷᠦᠭᠦ ᠴᠢᠩᠭᠢᠰ ᠳᠡᠭᠡᠳᠤ ᠪᠠᠨ

ᠳᠤᠷᠠᠰᠬᠠᠵᠤ ᠶᠡᠭᠡ ᠨᠠᠢ᠌ᠷ ᠡᠭᠦᠰᠭᠡᠳᠡᠭ᠌

ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ

ᠭᠠᠵᠠᠷ ᠣᠰᠤᠨ ᠤ ᠪᠠᠨ ᠭᠤᠯᠤᠮᠳᠠ ᠶᠢᠡᠷ

ᠮᠥᠩᠭᠡ ᠭᠠᠯ ᠨᠤᠴᠤᠭᠠᠵᠤ

ᠭᠠᠭᠴᠠ ᠵᠤᠭᠰᠤᠭ᠎ᠠ ᠮᠤᠩᠭ᠋ᠤᠯ ᠭᠡᠯᠡ ᠪᠠᠷ ᠶᠢᠡᠨ

ᠮᠥᠩᠭᠡ ᠳᠤᠯᠭ᠎ᠠ ᠪᠠᠨ ᠨᠡᠷᠡᠳᠡᠭ᠌

ᠭᠠᠯᠢᠭ ᠣᠩᠰᠢᠯᠭ᠎ᠠ ᠶᠢᠨ ᠭᠦᠷᠢᠶᠡᠨ ᠳᠤ

ᠮᠥᠩᠭᠡ ᠴᠤᠤᠷᠢᠶ᠎ᠠ ᠨᠡᠭᠡᠭᠡᠳᠡᠭ᠌

ᠭᠠᠭᠴᠠᠬᠠᠨ ᠰᠢᠳᠦᠭᠡᠨ ᠰᠤᠶᠤᠯ ᠶᠢᠡᠷ ᠶᠢᠡᠨ

ᠮᠥᠩᠭᠡ ᠵᠤᠯᠠ ᠠᠰᠠᠭᠠᠳᠠᠭ

ᠭᠠᠳᠠᠰ ᠭᠠᠳᠠᠰ ᠤᠨ ᠦᠨᠳᠦᠷ ᠡᠴᠡ

ᠮᠥᠩᠭᠡ ᠠᠷᠴᠠ ᠪᠠᠨ ᠳᠠᠯᠠᠯᠳᠠᠭ

ᠭᠠᠯ ᠤᠨ ᠮᠥᠩᠭᠡ ᠳᠠᠯᠠᠯᠭ᠎ᠠ

ᠭᠠᠠᠳᠢᠷᠢ ᠶᠢᠨ ᠴᠢᠯᠠᠭᠤᠨ ᠭᠦᠰᠢᠶ᠎ᠡ

ᠭᠠᠯ ᠶᠢᠡᠷ ᠭᠦᠭ᠍ᠵᠢᠭᠦ ᠰᠤᠶᠤᠯ

ᠲᠦᠯᠦ ᠶᠢᠡᠷ ᠭᠡᠷᠡᠯᠳᠦᠭᠦ ᠢᠷᠡᠭᠡᠳᠦᠢ

ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ᠃

ᠵᠤᠬᠢᠶᠠᠭᠴᠢ᠄ ᠤᠯᠠᠭᠠᠨᠭᠡᠷᠡᠯ
ᠬᠠᠷᠢᠶ᠎ᠠ᠄ ᠰᠢᠯᠦᠭ
ᠳᠠᠷᠤᠮ᠄ 2767
ᠴᠠᠭ᠄ 2006 ᠤᠨ ᠤ 10 ᠰᠠᠷ᠎ᠠ ᠶᠢᠨ 06