ᠪᠣᠭᠤᠷᠤᠯ ᠠᠯᠳᠠᠢ ᠳᠤ ᠭᠦᠷᠭᠦ ᠶᠤᠮᠰᠠᠨ

ᠪᠣᠭᠤᠷᠤᠯ ᠠᠯᠳᠠᠢ ᠳᠤ ᠭᠦᠷᠭᠦ ᠰᠠᠨ

ᠪᠣᠭᠤᠷᠤᠯ ᠳᠦᠷᠢ ᠶᠢ ᠨᠢ ᠬᠠᠷᠠᠬᠤ ᠰᠠᠨ

ᠪᠣᠯᠭᠤᠷᠠᠭᠰᠠᠨ ᠮᠤᠳᠤᠳ ᠶᠢᠡᠨ ᠪᠣᠰᠬᠠᠵᠤ

ᠵᠠᠶᠠᠭᠠᠨ ᠳ᠋ᠤᠨᠢ ᠭᠤᠨᠢᠵᠤ ᠰᠥᠭᠦᠳᠭᠦ ᠶᠤᠮ

ᠪᠣᠳᠠᠷᠠᠭᠰᠠᠨ ᠨᠠᠪᠴᠢᠰ ᠶᠢᠡᠨ ᠳᠡᠭᠦᠵᠤ

ᠰᠡᠳᠭᠢᠯ ᠶᠢᠡᠷ ᠨᠢᠭᠡ ᠣᠨᠠᠬᠤ ᠶᠤᠮ

ᠪᠣᠷᠳᠠᠭ ᠳᠤᠭᠤᠰᠤ ᠦᠭᠡᠶ ᠳᠤᠨᠤᠷᠠᠭᠰᠠᠨ

ᠪᠣᠷᠬᠠᠨ ᠳᠡᠭ᠍ᠷᠢ ᠳ᠋ᠤᠨᠢ ᠮᠦᠷᠭᠦᠵᠤ

ᠴᠡᠭᠡᠵᠢ ᠵᠢᠷᠦᠭᠡ ᠪᠠᠨ ᠠᠷᠢᠭᠤᠤᠠᠬᠠᠬᠤ ᠶᠤᠮ

ᠪᠣᠵᠠᠷ ᠊ᠭ᠍‍ᠬᠢᠷ ᠪᠠᠭᠤᠭ᠎ᠠ ᠦᠭᠡᠶ

ᠪᠣᠯᠠᠭ ᠤᠨ ᠣᠰᠤᠨ ᠡᠴᠡ ᠠᠮᠰᠠᠵᠤ

ᠴᠢᠯᠡᠭᠡ ᠶᠤᠭᠡᠨ ᠳᠠᠢ᠌ᠯᠬᠤ ᠶᠤᠮ︕

ᠣᠩᠭ᠋ᠤᠨ ᠠᠯᠳᠠᠢ ᠳᠤ ᠣᠴᠢᠬᠤ ᠰᠠᠨ

ᠣᠳᠤᠳ ᠶᠢᠡᠨ ᠬᠠᠷᠢᠭᠤᠯᠵᠤ ᠬᠤᠨᠤᠬᠤ ᠰᠠᠨ

ᠪᠦᠮᠪᠦᠷᠢᠭ᠍ᠰᠡᠨ ᠴᠢᠯᠠᠭᠤᠳ ᠶᠢᠡᠨ ᠣᠷᠤᠮ ᠳ᠋ᠤᠨᠢ ᠪᠣᠴᠠᠭᠠᠵᠤ

ᠪᠦᠮᠪᠦᠷᠴᠡᠭ᠌ ᠤᠨ ᠰᠢᠷᠬ᠎ᠠ ᠶᠢ ᠳᠤᠮᠨᠤᠬᠤ ᠶᠤᠮ

ᠪᠦᠭᠦᠢᠵᠤ ᠣᠨᠠᠭ᠎ᠠ ᠦᠭᠡᠶ ᠬᠠᠳᠠᠨ ᠳ᠋ᠤᠨᠢ ᠪᠦᠭᠢᠷᠴᠤ

ᠪᠣᠰᠤᠭ᠎ᠠ ᠰᠦᠷ ᠢ ᠨᠢ ᠳᠠᠷᠬᠠᠯᠠᠬᠤ ᠶᠤᠮ

ᠨᠠᠷᠠᠨ ᠤ ᠰᠤᠷᠮᠤᠤᠰᠤ ᠱᠦᠷᠭᠦᠭᠡᠮ᠎ᠡ

ᠰᠤᠪᠬᠤ ᠦᠨᠳᠦᠷ ᠣᠷᠭᠢᠯ ᠳ᠋ᠤᠨᠢ ᠭᠠᠷᠴᠤ

ᠳᠡᠭᠡᠳᠦᠰ ᠤᠨ ᠨᠤᠳᠤᠭ ᠶᠢᠡᠨ ᠪᠠᠷᠠᠯᠠᠬᠤ ᠶᠤᠮ

ᠨᠠᠢ᠌ᠷ ᠤᠨ ᠳᠠᠭᠤᠤ ᠮᠤᠬᠤᠮ᠎ᠠ

ᠰᠦᠷᠯᠢᠭ᠌ ᠠᠭᠤᠵᠢᠮ ᠪᠠᠷ᠎ᠠ ᠶᠢ ᠨᠢ ᠬᠠᠷᠠᠵᠤ

ᠳᠡᠭ᠍ᠷᠢᠯᠢᠭ᠌ ᠵᠠᠶᠠᠭ᠎ᠠ ᠪᠠᠨ ᠳᠠᠭᠠᠳᠬᠠᠬᠤ ᠶᠤᠮ︕

ᠬᠤᠯᠠ ᠶᠢᠨ ᠠᠯᠳᠠᠢ ᠳᠤ ᠭᠦᠷᠭᠦ ᠰᠠᠨ

ᠬᠤᠩᠭ᠋ᠤᠷ ᠵᠢᠷᠦᠭᠡ ᠪᠠᠨ ᠬᠤᠯᠪᠣᠬᠤ ᠰᠠᠨ

ᠳᠤᠯᠪᠤᠨ ᠴᠤᠬᠤᠷ ᠪᠣᠭᠤᠰ ᠶᠢᠡᠨ ᠡᠷᠭᠢᠵᠤ

ᠳᠤᠭᠠᠯᠠᠨ ᠳᠤᠭᠠᠯᠠᠨ ᠪᠦᠷᠢᠦᠡᠭᠡᠭᠦ ᠶᠤᠮ

ᠳᠤᠰᠤᠨ ᠨᠤᠭᠤᠭᠠᠨ ᠣᠢ ᠳᠠᠭᠠᠨ ᠰᠢᠷᠭᠤᠵᠤ

ᠳᠦᠭᠡᠷᠡᠵᠤ ᠨᠢᠭᠡ ᠵᠢᠷᠭᠠᠬᠤ ᠶᠤᠮ

ᠬᠠᠭᠠᠨ ᠴᠢᠩᠭᠡᠰ ᠤᠨ ᠭᠦᠯᠦᠰᠤ ᠰᠢᠩᠭᠡᠭ᠍ᠰᠡᠨ

ᠬᠠᠳᠠᠨ ᠤ ᠬᠠᠳᠠᠭᠤ ᠶᠢ ᠪᠢᠰᠢᠷᠠᠵᠤ

ᠡᠷ᠎ᠡ ᠵᠤᠷᠢᠭ ᠶᠢᠡᠨ ᠭᠦᠪᠴᠢᠯᠡᠭᠦ ᠶᠤᠮ

ᠬᠠᠯᠠᠭᠤᠨ ᠳᠤᠭᠤᠷᠠᠢ ᠳᠤ ᠬᠠᠭᠠᠷᠠᠵᠤ ᠪᠣᠳᠠᠷᠠᠭᠰᠠᠨ

ᠬᠠᠢ᠌ᠷ ᠴᠢᠯᠠᠭᠤᠳ ᠶᠢᠡᠨ ᠣᠪᠣᠭᠠᠯᠠᠵᠤ

ᠳᠡᠭᠡᠳᠦᠰ ᠤᠨ ᠨᠤᠳᠤᠭ ᠶᠢᠡᠨ ᠳᠠᠭᠢᠬᠤ ᠶᠤᠮ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠬᠠᠷᠢᠶ᠎ᠠ᠄ ᠰᠢᠯᠦᠭ
ᠳᠠᠷᠤᠮ᠄ 1813
ᠴᠠᠭ᠄ 2010 ᠤᠨ ᠤ 12 ᠰᠠᠷ᠎ᠠ ᠶᠢᠨ 25