ᠠᠳᠠᠭᠠᠷᠬᠠᠬᠤ ᠥᠭᠡᠢ

ᠠᠮᠢᠳᠤᠷᠠᠯ ᠤᠨ ᠪᠠᠷᠳᠠᠭ᠎ᠠ ᠶᠢ ᠬᠠᠮᠳᠤ ᠳᠠᠭᠠᠨ ᠳᠤᠭᠤᠯᠤᠭᠰᠠᠨ

ᠠᠮᠠᠷᠠᠭ ᠬᠤᠩᠭ᠋ᠤᠷ ᠪᠦᠰᠡᠭᠦᠢ ᠲᠡᠶ ᠴᠢᠨᠢ ᠪᠢ ᠠᠳᠠᠭᠠᠷᠬᠠᠬᠤ ᠥᠭᠡᠢ

ᠠᠢ᠌ᠯ ᠭᠡᠷ ᠤᠨ ᠬᠣᠢ᠌ᠮᠤᠷ ᠲᠤ ᠬᠠᠮᠳᠤ ᠳᠠᠭᠠᠨ ᠳᠤᠷᠨᠢᠭᠰᠠᠨ

ᠠᠯᠢᠶ᠎ᠠ ᠬᠤᠩᠭ᠋ᠤᠷ ᠳᠡᠭᠦᠤ ᠲᠡᠶ ᠴᠢᠨᠢ ᠪᠢ ᠠᠳᠠᠭᠠᠷᠬᠠᠬᠤ ᠥᠭᠡᠢ

ᠠᠪᠣ ᠪᠣᠯᠭᠠᠵᠤ ᠦᠪᠡᠷ ᠢ ᠴᠢᠨᠢ ᠪᠠᠶᠠᠰᠬᠠᠭᠰᠠᠨ

ᠠᠮᠢᠨ ᠬᠤᠩᠭ᠋ᠤᠷ ᠦᠬᠢᠨ ᠲᠡᠶ ᠴᠢᠨᠢ ᠪᠢ ᠠᠳᠠᠭᠠᠷᠬᠠᠬᠤ ᠥᠭᠡᠢ

ᠠᠳᠠᠭᠠᠷᠬᠠᠬᠤ ᠦᠭᠡᠶ ᠪᠢ ᠠᠳᠠᠭᠠᠷᠬᠠᠬᠤ ᠥᠭᠡᠢ

ᠠᠯᠢᠪᠠ ᠬᠠᠢ᠌ᠷ᠎ᠠ ᠪᠠᠨ ᠪᠦᠷ ᠳᠠᠳᠠᠨᠠᠷ ᠲᠤ ᠪᠠᠨ ᠦᠭ‍ᠭᠦᠭᠡᠷᠡᠢ

ᠠᠰ ᠤᠨ ᠰᠠᠢ᠌ᠬᠠᠨ ᠪᠠᠶ᠎ᠠ ᠴᠢᠨᠢ ᠮᠠᠠᠳᠤ ᠯᠠ ᠶᠠᠪᠣᠭ᠎ᠠ ᠭᠡᠰᠡᠨ

ᠠᠮᠤᠷ ᠵᠢᠷᠭᠠᠯ ᠤᠨ ᠭᠠᠭᠴᠠᠬᠠᠨ ᠰᠠᠢ᠌ᠬᠠᠨ ᠴᠢᠮᠡᠭᠡ ᠶᠢ ᠨᠠᠳᠠᠳᠤ ᠦᠭ‍ᠭᠦᠭᠡᠷᠡᠢ


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠮᠠᠯᠵᠢᠬᠤ ᠰᠤᠶᠤᠯ ᠤᠨ ᠨᠡᠢ᠌ᠭᠡᠮᠯᠢᠭ᠌

ᠵᠤᠬᠢᠶᠠᠭᠴᠢ᠄ ᠭᠤᠪᠢ ᠶᠢᠨ ᠵᠢᠭᠠᠬᠠᠨ ᠪᠦᠵᠢᠦᠡᠮ᠎ᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2010 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ