ᠠᠷᠭᠠᠯ

ᠠᠷᠪᠠ ᠭᠦᠷᠦᠭᠡ ᠦᠭᠡᠶ ᠨᠠᠰᠤᠨ ᠡᠴᠡ ᠪᠠᠨ

ᠠᠷᠭᠠᠯ ᠳᠡᠭᠦᠵᠤ ᠭᠦᠶ‍ᠦᠵᠤ ᠪᠠᠢ᠌ᠯ᠎ᠠ

ᠠᠵᠢᠯ ᠳᠤ ᠴᠢᠮᠪᠠᠢ ᠠᠪᠣ ᠮᠢᠨᠢ

ᠠᠷᠤᠭ ᠰᠠᠪᠠᠷ ᠢ ᠮᠢᠨᠢ ᠪᠡᠯᠡᠳᠭᠡᠵᠤ ᠦᠭ‍ᠭᠦᠭᠡᠳ

ᠠᠷᠤ ᠶᠢᠨ ᠳᠠᠯ᠎ᠠ ᠵᠥᠭ᠌ ᠰᠠᠷᠠᠪᠴᠢᠯᠠᠴᠢᠬᠠᠭᠠᠤᠨ

ᠠᠳᠤᠭᠤ ᠮᠠᠯ ᠶᠢᠡᠨ ᠠᠵᠢᠶᠠᠷᠠᠵᠤ ᠶᠠᠪᠣ ᠡ ᠭᠡᠵᠤ

ᠠᠭᠢᠨ ᠳᠠᠭᠢᠨ ᠵᠠᠭᠢᠳᠠᠭ ᠪᠠᠢ᠌ᠯ᠎ᠠ

ᠭᠦᠳᠦᠰᠤᠨ ᠳᠠᠪᠠᠯ ᠤᠨ ᠮᠢᠨᠢ ᠬᠤᠷᠮᠤᠢ ᠶᠢ ᠵᠠᠰᠠᠴᠢᠬᠠᠭᠠᠤᠨ

ᠭᠡᠭᠡᠷ᠎ᠡ ᠭᠠᠳᠠᠨ᠎ᠠ ᠭᠢᠴᠢᠶᠡᠭᠦ ᠶᠤᠮ ᠰᠢᠤ ᠭᠡᠵᠤ

ᠭᠦᠮᠤᠨ ᠤ ᠭᠤᠸ᠎ᠠ ᠡᠵᠢ ᠮᠢᠨᠢ

ᠭᠦᠤ ᠪᠠᠨ ᠥᠭᠦᠭᠡᠷᠳᠡᠵᠤ ᠥᠨᠦᠰᠳᠡᠭ᠌ ᠪᠠᠢ᠌ᠯ᠎ᠠ

ᠳᠠᠷᠠᠰᠤᠨ ᠬᠤᠳᠳᠤᠭ * ᠊ᠤᠨ ᠪᠠᠯᠴᠢᠭᠡᠷ ᠳᠠᠭᠠᠵᠤ

ᠳᠡᠭᠦᠵᠤ ᠭᠦᠶ‍ᠦᠭ᠍ᠰᠡᠨ ᠠᠷᠭᠠᠯ ᠶᠢᠡᠨ

ᠳᠠᠠᠵᠢᠨ ᠣᠪᠣᠭᠠᠨ * ᠊ᠤ ᠳᠠᠯ᠎ᠠ ᠳᠤ ᠪᠠᠨ

ᠳᠡᠮᠳᠡᠭᠯᠡᠵᠤ ᠣᠪᠣᠭᠠᠯᠠᠭᠰᠠᠨ ᠪᠠᠯᠴᠢᠷ ᠨᠠᠰᠤ ᠮᠢᠨᠢ

ᠪᠠᠶᠠᠨ ᠭᠤᠤᠯ * ᠊ᠤᠨ ᠶᠢᠡᠨ ᠭᠦᠪᠠᠭᠡ ᠪᠠᠷ

ᠪᠠᠭᠰᠢᠷᠠᠳᠠᠯ᠎ᠠ ᠪᠠᠯᠴᠢᠳᠡᠭ᠌ ᠥᠭᠡᠷ ᠤᠨ ᠰᠦᠷᠦᠭ᠌

ᠪᠠᠢ᠌ᠭᠠᠯᠢ ᠶᠢᠨ ᠭᠤᠪᠠᠢ ᠦᠵᠠᠮᠵᠢ ᠪᠣᠯᠵᠤ

ᠪᠣᠳᠤᠯ ᠰᠡᠳᠭᠢᠯ ᠳᠤ ᠮᠢᠨᠢ ᠮᠥᠩᠭᠡᠵᠢᠵᠤ ᠬᠤᠴᠤᠷᠤᠭᠰᠠᠨ

ᠭᠠᠩ ᠤᠨ ᠣᠷᠤᠢ * ᠡᠴᠠ ᠳᠡᠭᠦᠭ᠍ᠰᠡᠨ ᠠᠷᠭᠠᠯ ᠶᠢᠡᠷ

ᠭᠠᠯ ᠶᠢᠡᠨ ᠮᠠᠨᠠᠴᠢᠬᠠᠭᠠᠤᠨ ᠡᠵᠢ ᠮᠢᠨᠢ

ᠭᠤᠯᠤᠮᠳᠠ ᠪᠠᠨ ᠪᠠᠳᠠᠷᠠᠭᠠᠬᠤ ᠦᠷ᠎ᠡ ᠮᠢᠨᠢ ᠭᠡᠵᠤ

ᠭᠤᠷᠪᠠᠨ ᠭᠦᠤ ᠪᠠᠨ ᠬᠠᠢ᠌ᠷᠠᠯᠠᠵᠤ ᠪᠠᠢ᠌ᠯ᠎ᠠ

ᠲᠦᠮᠡᠨ ᠣᠨ ᠤ ᠳᠡᠦᠭᠡᠨ ᠭᠦᠷᠳᠤ

ᠳᠡᠩᠭᠡᠯᠢᠭ᠌ ᠶᠢᠡᠨ ᠳᠠᠭᠠᠵᠤ ᠡᠷᠭᠢᠯᠳᠦᠭ᠍ᠰᠡᠭᠡᠷ ᠴᠤ

ᠳᠡᠦᠭᠡ ᠶᠢᠨ ᠭᠤᠯᠤᠮᠳᠠ ᠶᠢ ᠵᠠᠯᠭᠠᠭᠤᠯᠤᠭᠰᠠᠨ

ᠳᠡᠭ᠍ᠷᠢᠯᠢᠭ᠌ ᠭᠠᠯ ᠤᠨ ᠮᠢᠨᠢ ᠡᠭᠢ

ᠠᠶᠠᠨ ᠤ ᠬᠤᠯᠠ ᠡᠴᠠ ᠢᠷᠡᠭᠦ ᠳᠤ

ᠠᠰᠠᠵᠤ ᠳᠦᠷᠡᠯᠵᠡᠭ᠍ᠰᠡᠨ ᠬᠠᠢ᠌ᠷ᠎ᠠ

ᠠᠮᠢᠵᠢᠷᠠᠯ ᠲᠦᠯᠵᠢᠯ ᠤᠨ ᠳᠡᠮᠳᠡᠭ᠌

ᠠᠷᠭᠠᠯ ᠤᠨ ᠴᠡᠩᠭᠡᠷ ᠣᠳᠤᠭ᠎ᠠ

ᠭᠡᠳᠦᠢ ᠬᠤᠯᠠ ᠶᠠᠪᠣᠭᠰᠠᠨ ᠴᠤ

ᠨᠤᠳᠤᠭ ᠰᠢᠭ ᠳᠤᠳᠤᠨᠤ ᠨᠢ ᠬᠠᠮᠢᠭ᠎ᠠ ᠪᠠᠢ᠌ᠨ᠎ᠠ

ᠭᠡᠴᠢᠨᠡᠨ ᠣᠨ ᠪᠣᠯᠤᠭᠰᠠᠨ ᠴᠤ

ᠨᠢᠷᠤᠭᠤᠨ ᠮᠤᠩᠭ᠋ᠤᠯ ᠤᠨ ᠮᠢᠨᠢ ᠭᠤᠯᠤᠮᠳᠠ ᠪᠠᠳᠠᠷᠠᠭᠠᠭᠰᠠᠨ

ᠭᠡᠭᠡᠷ᠎ᠡ ᠡᠴᠡ ᠳᠡᠭᠦᠭ᠍ᠰᠡᠨ ᠠᠷᠭᠠᠯ ᠴᠢᠮ᠎ᠠ ᠪᠠᠨ

ᠭᠡᠮᠵᠢᠶᠡᠳᠤ ᠪᠠᠳᠠᠭ ᠲᠤ ᠪᠠᠨ ᠪᠢᠴᠢᠭᠯᠡᠭᠦ ᠯᠠ ᠣᠴᠢᠷᠳᠠᠢ᠃


ᠳᠠᠷᠠᠰᠤᠨ ᠬᠤᠳᠳᠤᠭ ᠊᠊᠊᠊᠊᠊᠊᠊᠊᠊᠊᠊᠊᠊᠊ ᠨᠤᠳᠤᠭ ᠤᠨ ᠮᠢᠨᠢ ᠨᠢᠭᠡᠨ ᠳᠦᠭᠦᠮ ᠤᠨ ᠨᠠᠷ᠎ᠠ᠃

ᠳᠠᠠᠵᠢᠨ ᠣᠪᠣᠭ᠎ᠠ ᠊᠊᠊᠊᠊᠊᠊᠊᠊᠊᠊᠊᠊᠊᠊ ᠨᠤᠳᠤᠭ ᠲᠤ ᠮᠢᠨᠢ ᠪᠠᠢ᠌ᠳᠠᠭ ᠨᠤᠯᠤᠮ ᠨᠤᠭᠤᠭᠠᠨ ᠳᠠᠯ᠎ᠠ᠃

ᠪᠠᠶᠠᠨ ᠭᠤᠤᠯ ᠊᠊᠊᠊᠊᠊᠊᠊᠊᠊᠊᠊᠊᠊᠊ ᠨᠤᠳᠤᠭ ᠲᠤ ᠮᠢᠨᠢ ᠪᠠᠢ᠌ᠳᠠᠭ ᠭᠤᠤᠯ᠃

ᠭᠠᠩ ᠤᠨ ᠣᠷᠤᠢ ᠊᠊᠊᠊᠊᠊᠊᠊᠊᠊᠊᠊᠊᠊᠊ ᠨᠤᠳᠤᠭ ᠲᠤ ᠮᠢᠨᠢ ᠪᠠᠢ᠌ᠳᠠᠭ ᠮᠠᠩᠬᠠᠨ ᠣᠷᠤᠢ᠃


ᠵᠤᠬᠢᠶᠠᠭᠴᠢ ᠶᠢᠨ ᠬᠠ‍‌ᠶᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠭᠤᠷᠪᠠᠨ ᠮᠤᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1869
ᠴᠠᠭ᠄ 2013 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ