《ᠬᠦᠬᠡ ᠰᠤᠳᠤᠷ》 ᠊ᠤᠨ ᠤᠷᠠᠯᠢᠭ ᠤᠨ ᠤᠨᠴᠠᠯᠢᠭ
ᠣᠷᠠᠨ ᠵᠤᠬᠢᠶᠠᠯ ᠤᠨ ᠳᠡᠦᠭᠡ ᠶᠢᠨ ᠱᠥᠭᠦᠮᠡᠯ

《ᠭᠦᠭᠡ ᠰᠤᠳᠤᠷ》 ᠪᠣᠯ ᠮᠤᠩᠭ᠋ᠤᠯ ᠤᠨ ᠮᠠᠠᠳᠤᠭᠰᠠᠨ ᠳᠡᠦᠭᠡ ᠪᠠᠷ ᠰᠠᠳᠤᠪᠴᠢᠯᠠᠨ ᠪᠢᠴᠢᠭ᠍ᠰᠡᠨ ᠲ᠋ᠡᠦᠭᠡ ᠶᠢᠨ ᠷᠤᠮᠠᠨ ᠪᠣᠯᠤᠨ᠎ᠠ᠃ 《ᠭᠦᠭᠡ ᠰᠤᠳᠤᠷ》 ᠣᠷᠠᠨ ᠵᠤᠬᠢᠶᠠᠯ ᠤᠨ ᠬᠤᠪᠢ ᠳᠤ ᠦᠵᠡᠯ ᠰᠠᠨᠠᠭᠠᠨ ᠤ ᠳᠠᠯ᠎ᠠ ᠪᠠᠷ ᠥᠨᠡᠯᠡᠭᠦᠰᠢᠳᠡᠢ ᠳᠠᠪᠰᠢᠯᠳᠠ ᠲᠡᠶ ᠪᠠᠷ ᠪᠠᠷᠠᠬᠤ ᠦᠭᠡᠶ᠂ ᠣᠷᠠᠯᠢᠭ ᠤᠨ ᠳᠠᠯ᠎ᠠ ᠪᠠᠷ ᠴᠤ ᠦᠪᠡᠷᠮᠢᠴᠠ ᠣᠠᠴᠠᠯᠢᠭ ᠲᠡᠶ᠂ ᠮᠤᠩᠭ᠋ᠤᠯ ᠤᠨ ᠣᠷᠴᠢᠨ ᠦᠶ᠎ᠡ ᠶᠢᠨ ᠣᠷᠠᠨ ᠵᠤᠬᠢᠶᠠᠯ ᠤᠨ ᠳᠡᠦᠭᠡᠨ ᠳᠡᠭᠡᠷ᠎ᠡ ᠦᠨᠳᠦᠷ ᠪᠠᠢ᠌ᠷᠢ ᠰᠠᠭᠤᠷᠢ ᠶᠢ ᠡᠵᠡᠯᠡᠭᠦ ᠪᠣᠯᠠᠢ᠃

《ᠭᠦᠭᠡ ᠰᠤᠳᠤᠷ》 ᠲᠤ ᠮᠤᠩᠭ᠋ᠤᠯ ᠤᠨ ᠡᠷᠳᠡᠨ ᠤ ᠣᠷᠠᠨ ᠵᠤᠬᠢᠶᠠᠯ ᠪᠠ ᠠᠷᠠᠤᠨ ᠤᠨ ᠠᠮᠠᠨ ᠵᠤᠬᠢᠶᠠᠯ ᠤᠨ ᠰᠢᠯᠢᠳᠡᠭ᠌ ᠣᠯᠠᠮᠵᠢᠯᠠᠯ ᠢ ᠵᠠᠯᠭᠠᠮᠵᠢᠯᠠᠭᠰᠠᠨ ᠪᠦᠭᠡᠤᠨ ᠮᠦᠨ ᠭᠢᠳᠠᠤᠨ ᠦᠨᠳᠦᠰᠦᠳᠠᠨ ᠤ ᠰᠤᠶᠤᠯ ᠤᠨ ᠨᠥᠯᠦᠭᠡ ᠶᠢ ᠴᠤ ᠶᠡᠭᠡ ᠭᠦᠷᠳᠡᠵᠤ ᠵᠤᠬᠢᠶᠠᠯ ᠪᠦᠳᠦᠭᠡᠭᠦ ᠠᠷᠭ᠎ᠠ ᠶᠢᠨ ᠳᠠᠯ᠎ᠠ ᠪᠠᠷ ᠰᠤᠷᠤᠯᠴᠠᠭᠰᠠᠨ ᠪᠠᠢ᠌ᠨ᠎ᠠ᠃ ᠵᠢᠱᠢᠶᠠᠯᠠᠪᠠᠯ᠂ ᠭᠢᠳᠠᠤᠨ ᠤᠨ 《ᠽᠥᠸᠧ ᠵᠤᠸᠠᠨ ᠱᠠᠰᠢᠳᠠᠷ》 ᠳᠠᠭᠢ ᠼᠤᠤ ᠭᠦᠢ ᠶᠢᠨ ᠳᠠᠢ᠌ᠯᠠᠯᠭ᠎ᠠ ᠶᠢᠨ ᠢᠯᠡᠳᠭᠡᠯ ᠪᠠ 《ᠭᠤᠷᠪᠠᠨ ᠣᠯᠤᠰ ᠤᠨ ᠥᠯᠢᠭᠡᠷ》 ᠳᠠᠭᠢ ᠡᠪᠠᠰᠤᠨ ᠣᠩᠭ᠋ᠤᠴᠠ ᠪᠠᠷ ᠰᠤᠮᠤ ᠵᠢᠭᠡᠯᠡᠭ᠍ᠰᠡᠨ ᠵᠡᠷᠭᠡ ᠥᠯᠢᠭᠡᠷ ᠢ ᠦᠪᠡᠷ ᠤᠨ ᠵᠤᠬᠢᠶᠠᠯ ᠳᠠᠭᠠᠨ ᠠᠰᠢᠭᠳᠠᠢ ᠠᠰᠢᠭᠯᠠᠵᠤ᠂ ᠵᠤᠬᠢᠶᠠᠯ ᠤᠨ ᠶᠢᠡᠨ ᠥᠩᠭᠡ ᠪᠣᠳᠤᠭ ᠢ ᠨᠡᠮᠡᠭ᠍ᠳᠡᠭᠦᠯᠦᠭ᠍ᠰᠡᠨ ᠪᠠᠢ᠌ᠳᠠᠭ᠃ ᠵᠤᠬᠢᠶᠠᠯ ᠤᠨ ᠣᠢ᠌ᠯᠠ ᠶᠠᠪᠣᠳᠠᠯ ᠢ ᠥᠭᠦᠯᠡᠭᠦ ᠪᠠ ᠪᠠᠭᠠᠳᠤᠷ ᠤᠨ ᠳᠦᠷᠢ ᠶᠢ ᠪᠦᠳᠦᠭᠡᠭᠦ ᠳᠡᠭᠡᠨ ᠶᠡᠷᠦᠩᠭᠡᠢ ᠳᠡᠭᠡᠨ ᠥᠭᠦᠯᠡᠨ ᠳᠤᠭᠠᠴᠢᠬᠤ ᠪᠣᠯᠤᠨ ᠣᠶᠠᠩᠭ᠋ᠠᠯᠠᠨ ᠰᠢᠯᠦᠭᠯᠡᠭᠦ ᠶᠢ ᠣᠶᠠᠯᠳᠤᠭᠤᠯᠵᠤ᠂ ᠵᠤᠬᠢᠶᠠᠯ ᠤᠨ ᠪᠠᠭᠠᠳᠤᠷ ᠤᠨ ᠶᠢᠡᠨ ᠳᠦᠷᠢ ᠶᠢ ᠪᠦᠳᠦᠭᠡᠵᠤ ᠵᠠᠩ ᠴᠢᠨᠠᠷ ᠢ ᠨᠢ ᠳᠤᠪᠣᠢ᠌ᠯᠭᠠᠳᠠᠭ ᠪᠠᠢ᠌ᠨ᠎ᠠ᠃ ᠪᠦᠯᠦᠭ᠍ᠴᠢᠯᠡᠨ ᠪᠢᠴᠢᠭᠦ ᠵᠤᠬᠢᠶᠠᠯ ᠤᠨ ᠭᠡᠯᠪᠠᠷᠢ ᠪᠠᠷ ᠥᠯᠢᠭᠡᠷ ᠤᠨ ᠡᠭᠢᠨ ᠳᠤ ᠣᠴᠢᠷ ᠶᠠᠪᠣᠳᠠᠯ ᠤᠨ ᠡᠭᠦᠰᠦᠯ ᠢ ᠳᠤᠰᠢᠶᠠᠵᠤ᠂ ᠪᠦᠯᠦᠭ᠌ ᠤᠨ ᠡᠴᠦᠰ ᠲᠤ ᠴᠤᠬᠤᠯᠪᠣᠷᠢ ᠪᠢᠴᠢᠵᠤ ᠬᠤᠷᠢᠶᠠᠮᠵᠢᠯᠠᠳᠠᠭ ᠪᠠᠢ᠌ᠵᠠᠢ᠃

《ᠭᠦᠭᠡ ᠰᠤᠳᠤᠷ》 ᠲᠤ ᠪᠠᠭᠠᠳᠤᠷ ᠤᠨ ᠳᠦᠷᠢ ᠶᠢ ᠪᠢᠴᠢᠭᠦ ᠳᠡᠭᠡᠨ ᠶᠠᠷᠤ ᠨᠢ ᠨᠠᠷᠢᠨ ᠨᠢᠭᠳᠠ ᠪᠦᠭᠡᠤᠨ ᠳᠦᠷᠦᠰᠦᠯᠢᠭ᠌ ᠪᠠᠢ᠌ᠳᠠᠭ᠃ ᠵᠢᠱᠢᠶᠠᠯᠠᠪᠠᠯ ᠰᠤᠯᠤᠩᠭ᠋ᠤᠸ᠎ᠠ ᠭᠡᠦᠭᠡᠨ ᠢ ᠪᠢᠴᠢᠭᠦ ᠳᠡᠭᠡᠨ᠄ 《ᠳᠦᠷᠦᠭ᠍ᠰᠡᠨ ᠠᠨᠤ ᠰᠠᠷᠠᠨ ᠮᠠᠳᠤ ᠰᠠᠢ᠌ᠬᠠᠨ᠂ ᠴᠡᠴᠡᠭ᠌ ᠠᠳᠠᠯᠢ ᠥᠵᠡᠰᠭᠦᠯᠡᠩ᠂ ᠰᠤᠯᠤᠩᠭ᠋᠎ᠠ ᠮᠠᠳᠤ ᠥᠩᠭᠡᠳᠡᠢ᠂ ᠬᠠᠰ ᠠᠳᠠᠯᠢ ᠠᠷᠢᠭᠤᠨ᠂ ᠠᠷᠤ ᠭᠠᠵᠠᠷ ᠪᠦᠭᠡᠳᠡᠯ᠎ᠡ ᠠᠳᠠᠯᠢᠰᠢ ᠦᠭᠡᠶ ᠪᠣᠯᠪᠠᠷᠠᠢ ᠳᠦᠷᠦᠭᠡᠤᠨ᠂ ᠡᠯᠡᠰᠤᠨ ᠭᠠᠵᠠᠷ ᠪᠦᠭᠡᠳᠡᠯ᠎ᠡ ᠡᠨᠡ ᠮᠠᠳᠤ ᠰᠠᠢ᠌ᠬᠠᠨ ᠳᠦᠷᠦᠵᠦᠭᠦᠢ》 ᠭᠡᠵᠤ ᠡᠭᠡᠭᠡ ᠬᠤᠭᠤᠷ ᠤᠨ ᠥᠯᠢᠭᠡᠷ ᠤᠨ ᠭᠡᠯᠪᠠᠷᠢ ᠪᠠᠷ ᠲᠦᠷᠦᠰᠤᠯᠠᠨ ᠪᠢᠴᠢᠭ᠍ᠰᠡᠨ ᠪᠠᠢ᠌ᠨ᠎ᠠ᠃ ᠵᠤᠬᠢᠶᠠᠯ ᠳᠤ ᠪᠠᠰᠠ ᠠᠯᠳᠠᠱᠠᠭ᠎ᠠ ᠰᠤᠯᠤᠩᠭ᠋ᠤᠸ᠎ᠠ ᠶᠢᠨ ᠢᠨᠠᠭ ᠳᠤᠷᠠᠯᠠᠯ ᠪᠠ ᠮᠦᠨ 《ᠰᠤᠯᠤᠩᠭ᠋ᠤᠰ ᠤᠨ ᠰᠠᠷᠠᠨ ᠭᠦᠩᠵᠤ ᠨᠢᠭᠡᠭᠡᠨ ᠢᠨᠢᠶᠡᠭᠡᠤᠨ ᠣᠯᠤᠰ ᠲᠦᠷᠦ ᠶᠢ ᠠᠪᠣᠷᠠᠪᠠ᠂ ᠭᠤᠷᠯᠤᠰ ᠤᠨ ᠨᠠᠷᠠᠨ ᠬᠠᠭᠠᠨ ᠥᠴᠦᠭᠡᠨ ᠰᠤᠯᠢᠭᠤᠷᠠᠭᠠᠤᠨ ᠭᠠᠵᠠᠷ ᠣᠷᠤᠨ ᠢ ᠠᠪᠳᠠᠪᠠ》 ᠮᠠᠳᠤ ᠶᠢᠨ ᠥᠯᠢᠭᠡᠷ ᠢ ᠪᠢᠴᠢᠵᠤ ᠠᠮᠢᠳᠤᠷᠠᠯ ᠤᠨ ᠦᠨᠦᠷ ᠠᠮᠳᠠ ᠶᠢ ᠨᠡᠮᠡᠭ᠍ᠳᠡᠭᠦᠯᠪᠡ᠃

《ᠭᠦᠭᠡ ᠰᠤᠳᠤᠷ》 ᠲᠤ ᠦᠨᠳᠦᠰᠦᠳᠠᠨ ᠤ ᠣᠠᠴᠠᠯᠢᠭ ᠪᠠ ᠣᠷᠤᠨ ᠨᠤᠳᠤᠭ ᠤᠨ ᠣᠠᠴᠠᠯᠢᠭ ᠢ ᠰᠠᠢ᠌ᠳᠤᠷ ᠢᠯᠡᠳᠭᠡᠵᠤ᠂ ᠦᠨᠳᠦᠰᠦᠳᠠᠨ ᠤ ᠵᠠᠩ ᠳᠠᠤᠠᠬᠠᠯ᠂ ᠠᠮᠢᠳᠤᠷᠠᠯ ᠤᠨ ᠣᠠᠴᠠᠯᠢᠭ ᠢ ᠮᠠᠰᠢ ᠰᠠᠢ᠌ᠬᠠᠨ ᠬᠠᠷᠠᠭᠤᠯᠤᠭᠰᠠᠨ ᠪᠠᠢ᠌ᠨ᠎ᠠ᠃ ᠵᠢᠱᠢᠶᠠᠯᠠᠪᠠᠯ᠄ ᠬᠤᠶᠠᠭ ᠬᠤᠶᠠᠭᠯᠠᠵᠤ ᠳᠠᠢ᠌ᠨ ᠪᠠᠢ᠌ᠯᠳᠤᠭᠠᠨ ᠭᠢᠭᠦ᠂ ᠠᠪᠠ ᠠᠪᠠᠯᠠᠬᠤ ᠴᠢᠭᠤᠯᠭᠠᠨ ᠪᠣᠯᠬᠤ᠂ ᠰᠠᠢ᠌ᠰᠢᠶᠠᠨ ᠱᠠᠩᠨᠠᠬᠤ ᠪᠠ ᠬᠤᠷᠢᠮ ᠭᠢᠵᠤ ᠭᠦᠰᠢᠶ᠎ᠡ ᠮᠢᠯᠢᠶᠠᠬᠤ ᠵᠡᠷᠭᠡ ᠮᠤᠩᠭ᠋ᠤᠯ ᠤᠨ ᠦᠨᠳᠦᠰᠦᠳᠠᠨ ᠤ ᠣᠠᠴᠠᠯᠢᠭ ᠢ ᠢᠯᠡᠳᠭᠡᠵᠡᠢ᠃

《ᠭᠦᠭᠡ ᠰᠤᠳᠤᠷ》 ᠊ᠤᠨ ᠳᠤᠪᠴᠢᠳᠤ ᠳᠤᠯᠳᠤ ᠶᠢᠨ ᠳᠠᠳ᠋ ᠠᠩᠭᠢ ᠳᠤ ᠵᠤᠬᠢᠶᠠᠭᠴᠢ ᠡᠴᠡ ᠳᠤᠰ ᠵᠤᠬᠢᠶᠠᠯ ᠤᠨ ᠣᠤᠠᠬ᠎ᠠ ᠶᠢ ᠳᠤᠩᠭ᠋ᠠᠭᠠᠵᠤ ᠥᠭᠡ ᠪᠣᠯᠪᠠᠰᠤᠷᠠᠭᠤᠯᠤᠭᠰᠠᠨ ᠳᠤᠬᠠᠢ ᠨᠢᠭᠡᠨ ᠪᠠᠳᠠᠭ ᠥᠭᠦᠯᠡᠮᠵᠢ ᠪᠣᠢ᠃ ᠳᠡᠭᠦᠨ ᠳᠤ ᠥᠭᠦᠯᠡᠭ᠍ᠰᠡᠨ ᠨᠢ᠄ 《᠁ ᠮᠤᠩᠬᠠᠭ ᠣᠶᠤᠨ ᠤ ᠭᠢᠷᠢ ᠪᠠᠷ ᠰᠠᠤᠠᠭᠢᠯ ᠤᠨ ᠴᠢᠰᠤ ᠶᠢ ᠪᠦᠭᠡᠯᠵᠢᠵᠤ᠂ ᠪᠠᠯᠠᠢ ᠨᠢᠳᠤᠨ ᠤ ᠭᠢᠷᠢ ᠪᠠᠷ ᠣᠯᠠᠨ ᠰᠤᠳᠤᠷ ᠤᠳ ᠢ ᠰᠢᠠᠵᠢᠵᠤ᠂ ᠭᠦᠶ‍ᠦᠭᠡᠨ ᠮᠠᠳᠠᠯ ᠤᠨ ᠭᠢᠷᠢ ᠪᠠᠷ ᠭᠦᠮᠤᠨ ᠪᠠ ᠭᠠᠵᠠᠷ ᠤᠨ ᠨᠠᠷ᠎ᠠ ᠶᠢ ᠡᠷᠢᠵᠤ᠂ ᠥᠴᠦᠭᠡᠨ ᠴᠢᠳᠠᠯ ᠤᠨ ᠭᠢᠷᠢ ᠪᠠᠷ ᠴᠦᠯᠪᠠᠨ ᠪᠢᠴᠢᠵᠤ᠂ ᠬᠠᠭᠤᠯᠠᠨ ᠬᠠᠯᠠᠬᠤᠶ᠎ᠠ ᠪᠣᠰᠴᠤ ᠰᠠᠭᠤᠨ᠂ ᠣᠠᠳᠠᠨ ᠭᠡᠪᠳᠡᠨ ᠪᠣᠳᠤᠯᠭᠢᠯᠠᠨ ᠰᠠᠨᠠᠮᠵᠢᠯᠠᠵᠤ᠂ ᠭᠠᠷᠴᠤ ᠣᠷᠤᠨ ᠢᠳᠠᠵᠤ ᠣᠤᠭᠤᠪᠠᠴᠤ ᠪᠢᠴᠢᠯᠭᠢᠯᠠᠨ ᠵᠢᠷᠤᠭᠯᠠᠵᠤ᠂ ᠥᠵᠡᠭᠡᠤᠨ ᠪᠠᠰᠠ ᠦᠵᠡᠨ᠂ ᠰᠢᠡᠵᠢᠭᠡᠤᠨ ᠪᠠᠰᠠ ᠰᠢᠠᠵᠢᠯᠠᠵᠤ ᠁ ᠭᠡᠨᠡᠳᠲᠡ ᠨᠢᠭᠡᠨ ᠬᠠᠭᠤᠴᠢᠨ ᠮᠤᠩᠭ᠋ᠤᠯ ᠥᠭᠡᠰ ᠭᠠᠷᠴᠤ ᠢᠷᠡᠭᠡᠤᠨ ᠳᠡᠭᠦᠨ ᠤ ᠣᠤᠠᠬ᠎ᠠ ᠰᠠᠨᠠᠭ᠎ᠠ ᠶᠢ ᠮᠡᠳᠡᠭᠦ ᠦᠭᠡᠶ ᠳᠤᠷ ᠭᠦᠷᠪᠠᠰᠤ ᠣᠳᠤ ᠭᠦᠷᠢᠶ᠎ᠡ ᠬᠤᠷᠢᠶ᠎ᠠ ᠶᠢᠨ ᠭᠦᠭ᠍ᠰᠢᠨ ᠵᠡᠮᠳᠡᠭ᠌ ᠡᠪᠦᠭᠡᠤᠨ ᠡᠮᠡᠭᠡᠤᠨ ᠢ ᠡᠷᠢᠵᠤ ᠡᠨᠡ ᠨᠢᠭᠡᠨ ᠬᠠᠷ᠎ᠠ ᠥᠭᠡ ᠬᠠᠭᠤᠴᠢᠨ ᠮᠤᠩᠭ᠋ᠤᠯ ᠤᠨ ᠥᠭᠡᠰ ᠢ ᠠᠰᠠᠭᠤᠵᠤ ᠠᠢ᠌ᠯ ᠳᠤᠭᠤᠷᠢᠭᠤᠯᠬᠤᠢ ᠳᠤᠷ ᠭᠦᠷᠭᠡᠮᠦᠢ ᠁ ᠳᠠᠢ᠌ᠨ ᠭᠦ ᠢᠠᠵᠠᠨᠨᠠᠰᠢ ᠪᠢ᠂ ᠠᠯᠢᠪᠠ ᠬᠠᠭᠤᠴᠢᠨ ᠥᠭᠡᠰ ᠪᠠ ᠣᠤᠠᠬ᠎ᠠ ᠦᠯᠦ ᠣᠬᠠᠭᠳᠠᠬᠤ ᠥᠰᠦᠭ᠌ ᠢ ᠦᠵᠡᠪᠠᠰᠤ ᠭᠡᠷᠭᠢᠪᠠᠴᠤ ᠭᠡᠮᠡᠨ ᠳᠠᠮᠠᠰᠠ ᠪᠠᠷ ᠦᠯᠦ ᠥᠩᠭᠡᠷᠡᠭᠦᠯᠤᠨ ᠁ ᠢᠵᠠᠭᠤᠷ ᠤᠨ ᠡᠪᠦᠭᠡᠤᠨ ᠡᠮᠡᠭᠡᠤᠨ ᠪᠠ ᠡᠰᠡᠭᠦᠯ᠎ᠡ ᠠᠷᠤ ᠭᠠᠵᠠᠷ ᠳᠤᠭᠤᠷᠢᠭᠰᠠᠨ ᠭᠦᠮᠤᠨ ᠡᠴᠡ ᠠᠰᠠᠭᠤᠵᠤ ᠳᠤᠰ ᠥᠭᠡ ᠶᠢ ᠯᠠᠪᠯᠠᠮᠤᠢ》 ᠭᠡᠵᠡᠢ᠃ ᠡᠭᠦᠨ ᠡᠴᠡ ᠢᠠᠵᠠᠨᠠᠰᠢ 《ᠭᠦᠭᠡ ᠰᠤᠳᠤᠷ》 ᠢ ᠪᠢᠴᠢᠭᠦ ᠳᠤ ᠭᠡᠴᠢᠨᠡᠨ ᠭᠦᠴᠤ ᠭᠦᠳᠡᠯᠮᠦᠷᠢ ᠶᠢ ᠣᠷᠤᠭᠤᠯᠵᠤ᠂ ᠭᠡᠴᠢᠨᠡᠨ ᠣᠶᠤᠨ ᠳᠠᠷᠢᠭᠢ ᠶᠢ ᠵᠠᠷᠤᠴᠠᠭᠤᠯᠤᠭᠰᠠᠨ ᠢ ᠮᠡᠳᠡᠭᠦ ᠶᠢᠨ ᠬᠠᠮᠳᠤ ᠳᠡᠭᠦᠨ ᠤ ᠵᠤᠬᠢᠶᠠᠯ ᠤᠨ ᠥᠭᠡ ᠪᠣᠯᠪᠠᠰᠤᠷᠠᠭᠤᠯᠵᠤ ᠣᠤᠠᠬ᠎ᠠ ᠳᠤᠩᠭ᠋ᠠᠬᠤ ᠶᠢᠨ ᠭᠢᠨᠠᠭᠤᠷ ᠭᠢᠴᠢᠶᠡᠩᠭᠦᠢ ᠶᠢ ᠮᠠᠳᠠᠵᠤ ᠪᠣᠯᠤᠨ᠎ᠠ᠃ ᠶᠠᠷᠤ ᠨᠢ 《ᠭᠦᠭᠡ ᠰᠤᠳᠤᠷ》 ᠊ᠤᠨ ᠥᠭᠦᠯᠡᠮᠵᠢ ᠣᠢ᠌ᠯᠠᠭᠠᠮᠵᠢᠳᠠᠢ᠂ ᠭᠡᠯᠡᠯᠭᠡ ᠣᠷᠤᠰᠤᠮ᠎ᠠ ᠪᠠᠢ᠌ᠵᠤ᠂ ᠪᠢᠴᠢᠯᠭᠡ ᠶᠢᠨ ᠳᠠᠯ᠎ᠠ ᠪᠠᠷ ᠳᠠᠭᠤᠤ ᠰᠢᠯᠦᠭ᠌᠂ ᠢᠷᠦᠭᠡᠯ ᠮᠠᠭᠳᠠᠭᠠᠯ᠂ ᠵᠣᠢ᠌ᠷ ᠰᠠᠴᠠᠨ ᠥᠭᠡ ᠶᠢ ᠮᠠᠰᠢ ᠣᠯᠠᠨ ᠭᠡᠷᠡᠭᠯᠡᠵᠤ᠂ ᠳᠠᠭᠤᠳᠠᠨ ᠣᠩᠰᠢᠬᠤ ᠪᠠ ᠬᠤᠭᠤᠷ ᠤᠨ ᠭᠦᠭ᠍ᠵᠢᠮ ᠶᠢᠡᠷ ᠥᠯᠢᠭᠡᠷᠴᠢᠯᠡᠨ ᠭᠡᠯᠡᠭᠦ ᠳᠤ ᠠᠶᠠᠳᠠᠢ ᠪᠣᠯᠤᠭᠰᠠᠨ ᠪᠠᠢ᠌ᠨ᠎ᠠ᠃

ᠢᠠᠵᠠᠨᠠᠰᠢ ᠪᠣᠯ 19 ᠳ᠋ᠤᠭᠡᠷ ᠵᠠᠭᠤᠨ ᠤ ᠦᠶ᠎ᠡ ᠶᠢᠨ ᠮᠤᠩᠭ᠋ᠤᠯ ᠤᠨ ᠣᠷᠠᠨ ᠵᠤᠬᠢᠶᠠᠯ ᠤᠨ ᠳᠡᠦᠭᠡᠨ ᠳᠡᠭᠡᠷ᠎ᠡ ᠪᠠᠯᠠᠷᠠᠰᠢ ᠦᠭᠡᠶ ᠵᠢᠦᠡᠭᠦᠯ ᠭᠠᠷᠭᠠᠭᠰᠠᠨ ᠠᠬᠣᠢ᠌ᠴᠢ ᠦᠵᠡᠯ ᠤᠨ ᠭᠠᠷᠮᠠᠭᠠᠢ ᠵᠤᠬᠢᠶᠠᠯᠴᠢ ᠮᠦᠨ᠃ ᠳᠠᠷᠠᠪᠠᠷ 19 ᠳ᠋ᠦᠭᠡᠷ ᠵᠠᠭᠤᠨ ᠤ ᠦᠶ᠎ᠡ ᠳ᠋ᠠᠭᠢ ᠬᠠᠭᠠᠰ ᠹᠧᠤᠳᠠᠯ ᠬᠠᠭᠠᠰ ᠺᠤᠯᠤᠨᠢ ᠶᠢᠨ ᠳᠤᠮᠳᠠᠳᠤ ᠣᠯᠤᠰ ᠤᠨ ᠨᠡᠢ᠌ᠭᠡᠮ ᠤᠨ ᠠᠬᠤᠢ ᠪᠠᠢ᠌ᠳᠠᠯ ᠳᠤᠤᠷ᠎ᠠ᠂ ᠴᠢᠩ ᠣᠯᠤᠰ ᠤᠨ ᠨᠤᠶᠠᠷᠬᠠᠯ ᠢ ᠠᠮᠰᠠᠵᠤ ᠪᠦᠭᠦᠢ ᠮᠤᠩᠭ᠋ᠤᠯ ᠤᠨ ᠨᠡᠢ᠌ᠭᠡᠮ ᠤᠨ ᠣᠷᠴᠢᠨ ᠳᠤᠭᠤᠷᠢᠨ ᠳᠤ᠂ ᠦᠨᠳᠦᠰᠦᠳᠠᠨ ᠤ ᠠᠷᠠᠤᠠᠴᠢᠯᠠᠭᠰᠠᠨ ᠬᠤᠪᠢᠰᠬᠠᠯ ᠰᠠ‍‌ᠶᠢ ᠡᠭᠢᠯᠡᠵᠤ ᠪᠦᠭᠦᠢ ᠴᠠᠭ ᠦᠶ᠎ᠡ ᠳᠤ᠂ ᠦᠨᠳᠦᠰᠦᠳᠠᠨ ᠤ ᠪᠠᠨ ᠮᠠᠠᠳᠤᠯ ᠳᠤᠷᠣᠢ᠌ᠳᠠᠯ ᠤᠨ ᠳᠦᠯᠦᠭᠡ ᠰᠠᠨᠠᠭᠠᠴᠢᠯᠠᠵᠤ ᠦᠨᠳᠦᠰᠦᠳᠠᠨ ᠤ ᠪᠠᠨ ᠠᠷᠠᠤᠨ ᠲᠦᠮᠡᠨ ᠢ ᠰᠡᠩᠭᠡᠷᠡᠭᠦᠯᠭᠦ ᠶᠢ ᠵᠤᠷᠢᠭᠰᠠᠨ ᠨᠢ᠂ ᠦᠨᠳᠦᠰᠦᠳᠠᠨ ᠤ ᠡᠷᠭᠡ ᠠᠰᠢᠭ ᠢ ᠳᠦᠯᠦᠭᠡᠯᠡᠵᠤ ᠪᠠᠢ᠌ᠭ᠎ᠠ ᠶᠤᠮ᠃

ᠢᠠᠵᠠᠨᠠᠰᠢ ᠶᠢᠨ ᠳᠡᠦᠭᠡᠨ ᠷᠤᠮᠠᠨ 《ᠭᠦᠭᠡ ᠰᠤᠳᠤᠷ》 ᠪᠣᠯ ᠮᠤᠩᠭ᠋ᠤᠯᠴᠤᠳ ᠤᠨ ᠭᠦᠰᠡᠯ ᠡᠷᠡᠮᠡᠯᠵᠡᠯ ᠲᠡᠶ ᠨᠠᠢ᠌ᠴᠠᠵᠤ ᠪᠠᠢ᠌ᠭ᠎ᠠ ᠦᠨᠳᠦᠰᠦᠳᠠᠨ ᠤ ᠴᠢᠨᠠᠷ ᠲᠡᠶ᠂ ᠠᠷᠠᠤᠠᠴᠢ ᠴᠢᠨᠠᠷ ᠲᠡᠶ᠂ ᠳᠠᠪᠰᠢᠯᠳᠠ ᠲᠡᠶ᠂ ᠥᠨᠡᠯᠡᠭᠦᠰᠢᠳᠡᠢ ᠳᠦᠯᠦᠭᠡᠯᠡᠭ᠍ᠴᠢ ᠴᠢᠨᠠᠷ ᠲᠡᠶ ᠠᠭᠤᠤ ᠪᠦᠳᠦᠭᠡᠯ ᠪᠣᠯᠬᠤ ᠶᠤᠮ᠃



ᠵᠤᠬᠢᠶᠠᠭᠴᠢ᠄ ᠤᠷᠠᠨ ᠵᠤᠬᠢᠶᠠᠯ ᠤᠨ ᠲᠡᠦᠬᠡ
ᠢᠷᠡᠯᠲᠡ᠄ ᠮᠢ᠊·ᠨᠠᠷᠠᠨ ᠬᠠᠩᠭᠠᠪᠠ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 3754
ᠴᠠᠭ᠄ 2008 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁