ᠪᠠᠭᠡᠵᠢᠩ
᠊᠊᠊᠊᠊᠊᠊᠊᠊᠊᠊᠊᠊᠊᠊ ᠪᠠᠭᠡᠵᠢᠩ ᠳᠤ ᠪᠢᠴᠢᠭ᠍ᠰᠡᠨ ᠰᠢᠯᠦᠭ᠌


ᠢᠷᠠᠵᠤ ᠪᠤᠴᠡᠬᠤ ᠭᠦᠯ ᠤᠨ ᠣᠯᠠ ᠳᠤ ᠱᠠᠯᠠ ᠨᠢ ᠶᠤᠤᠯᠠᠨ ᠬᠤᠳᠣᠢ᠌ᠨ᠎ᠡ

ᠢᠯᠠᠭᠰᠠᠨ ᠳᠦᠷᠤ ᠶᠢᠨ ᠳᠤᠭ ᠡᠷᠭᠦᠵᠤ ᠬᠤᠳᠠ ᠶᠢᠨ ᠬᠠᠭᠠᠯᠭ᠎ᠠ ᠢᠨᠢᠶᠠᠨ᠎ᠡ

ᠢᠯᠠᠭᠳᠠᠭᠰᠠᠨ ᠬᠠᠭᠠᠤᠨ ᠤᠨ ᠨᠢᠭᠤᠴᠠ ᠰᠢᠪᠠᠨᠠᠵᠤ ᠬᠠᠭᠠᠨ ᠤ ᠣᠷᠳᠤᠨ ᠭᠦᠯᠦᠷᠡᠨ᠎ᠡ

ᠢᠷᠭᠡᠳ ᠤᠨ ᠵᠠᠭᠤᠨ ᠭᠦᠰᠡᠯ ᠳᠤ ᠳᠠᠷᠤᠭᠳᠠᠨ ᠨᠠᠢ᠌ᠰᠯᠠᠯ ᠤᠨ ᠠᠴᠢᠶ᠎ᠠ ᠭᠦᠡᠳᠦᠷᠡᠨ᠎ᠡ

        ᠠᠰᠠᠷ ᠨᠢ ᠠᠰᠠᠷ ᠶᠢᠡᠨ ᠰᠢᠬᠠᠵᠤ ᠪᠦᠮᠪᠦᠷᠴᠡᠭ᠌ ᠤᠨ ᠬᠠᠪᠣᠳᠠᠷ ᠶᠡᠭᠡᠰᠤᠨ᠎ᠡ

        ᠠᠭᠠᠯᠵᠢ ᠶᠢᠨ ᠥᠭᠡᠰᠢ ᠰᠢᠭ᠌ ᠨᠥᠭᠡᠨ ᠵᠠᠮ ᠭᠠᠵᠠᠷ ᠤᠨ ᠰᠤᠳᠠᠰᠤ ᠭᠦᠡᠳᠡᠨ᠎ᠡ

        ᠠᠶᠠᠰ ᠤᠨ ᠰᠠᠯᠭᠢ ᠵᠠᠬ᠎ᠠ ᠳᠤ ᠨᠢ ᠭᠠᠷᠴᠤ ᠶᠠᠳᠠᠨ ᠠᠮᠢᠰᠬᠤᠯᠯᠠᠨ᠎ᠠ

        ᠠᠭᠠᠷ ᠲᠤ ᠳᠡᠭ᠍ᠳᠡᠭᠦ ᠮᠦᠩᠭᠦᠨ ᠣᠩᠭ᠋ᠤᠴᠠ ᠪᠣᠳᠤᠯ ᠨᠢᠰᠭᠡᠨ ᠥᠩᠭᠡᠷᠡᠨ᠎ᠡ

ᠨᠤᠳᠤᠭ ᠤᠨ ᠠᠭᠠᠷ ᠢ ᠰᠠᠨᠠᠭᠳᠠᠭᠤᠯᠵᠤ ᠳᠡᠭ᠍ᠷᠢ ᠨᠢ ᠣᠳᠤᠭ᠎ᠠ ᠦᠭᠡᠶ ᠳᠤᠨᠤᠷᠠᠨ᠎ᠠ

ᠨᠠᠭᠤᠷ ᠤᠨ ᠬᠤᠨ ᠰᠢᠭ ᠮᠦᠷᠦᠭᠡᠳᠦᠯ ᠴᠤᠩᠬᠤ ᠪᠠᠷ ᠨᠢᠰᠤᠨ ᠠᠯᠳᠠᠭᠳᠠᠨ᠎ᠠ

ᠶᠠᠩᠵᠤ ᠶᠢᠨ ᠬᠦᠩᠭᠡᠨ ᠮᠠᠰᠢᠨ ᠵᠠᠮ ᠪᠦᠭᠯᠡᠭᠡᠳ ᠮᠡᠯᠡᠭᠡᠢ ᠠᠳᠠᠯᠢ ᠮᠥᠯᠭᠦᠨ᠎ᠡ

ᠶᠠᠭᠠᠷᠠᠭᠰᠠ ᠰᠡᠳᠭᠢᠯ ᠢ ᠭᠦᠯᠦᠷᠡᠭᠡᠵᠤ ᠠᠷᠤ ᠡᠴᠡ ᠰᠠᠮ ᠨᠢᠳᠤᠷᠤᠨ᠎ᠡ

        ᠬᠠᠪᠣᠷ ᠡᠷᠳᠡᠯᠡᠵᠤ ᠰᠠᠭᠠᠳᠠᠭᠠᠤᠨ ᠡᠪᠦᠯ ᠤᠨ ᠭᠤᠨᠢᠭ ᠢ ᠮᠤᠳᠤᠳ ᠡᠴᠡ ᠠᠷᠴᠢᠨ᠎ᠠ

        ᠬᠠᠵᠠᠭᠤ ᠶᠢᠨ ᠴᠡᠴᠡᠷᠯᠢᠭ᠌ ᠨᠤᠭᠤᠭᠠᠨ ᠶᠢᠡᠷ ᠠᠮᠢᠰᠬᠤᠨ ᠣᠯᠠᠷᠢᠯ ᠤᠨ ᠪᠣᠳᠤᠭ ᠳᠤᠳᠤᠷᠠᠨ᠎ᠠ

        ᠴᠡᠮᠴᠡᠭᠡᠷ ᠬᠤᠳᠠ ᠶᠢᠨ ᠴᠢᠮᠡᠭ᠌ ᠪᠣᠯᠵᠤ ᠣᠳᠤᠳ ᠭᠠᠵᠠᠷ ᠲᠤ ᠪᠠᠭᠤᠨ ᠬᠤᠨᠤᠨ᠎ᠠ

        ᠴᠡᠪᠠᠷᠭᠡᠨ ᠳᠤᠷᠠᠯᠠᠯ ᠤᠨ ᠥᠭᠡᠰ ᠰᠢᠪᠠᠨᠠᠨ ᠴᠡᠴᠡᠭ᠌ ᠴᠤᠮᠤᠷᠯᠢᠭ ᠶᠢᠡᠨ ᠳᠡᠯᠭᠡᠨ᠎ᠡ

ᠴᠠᠭ ᠤᠨ ᠭᠦᠡᠳᠡᠯᠡᠨ ᠰᠤᠷᠪᠢ ᠪᠣᠯᠵᠤ ᠴᠠᠭᠠᠨ ᠭᠡᠷᠡᠮ ᠦᠷᠭᠦᠯᠵᠢᠯᠡᠨ᠎ᠡ

ᠴᠠᠭᠠᠳᠤ ᠡᠳᠦᠷ ᠤᠨ ᠭᠠᠰᠢᠭᠤᠨ ᠥᠯᠢᠭᠡᠷ ᠶᠤᠸᠠᠨ ᠮᠢᠩ ᠶᠤᠸᠠᠨ ᠡᠴᠡ ᠣᠩᠰᠢᠭᠳᠠᠨ᠎ᠠ

ᠨᠤᠷᠠᠭᠠᠭᠰᠠᠨ ᠴᠤ ᠪᠠᠯᠠᠷᠠᠬᠤ ᠦᠭᠡᠶ ᠪᠠᠷᠢᠯᠭ᠎ᠠ ᠶᠢᠨ ᠭᠠᠢ᠌ᠬᠠᠮᠰᠢᠭ ᠭᠦᠷᠤᠨ ᠤ ᠨᠠᠷ᠎ᠠ ᠶᠢ ᠬᠠᠳᠠᠭᠠᠯᠠᠨ᠎ᠠ

ᠨᠢᠭᠤᠭᠰᠠᠨ ᠴᠤ ᠳᠠᠯᠳᠠᠷᠠᠬᠤ ᠦᠭᠡᠶ ᠢᠯᠠ ᠰᠢᠷᠬ᠎ᠠ ᠭᠦᠮᠦᠰ ᠤᠨ ᠰᠡᠳᠭᠢᠯ ᠳᠤ ᠳᠤᠨᠤᠨ᠎ᠠ

        ᠵᠠᠭᠤᠬᠠᠨ ᠨᠠᠰᠤᠯᠠᠭᠰᠠᠨ ᠶᠤᠸᠠᠨ ᠤ ᠳᠦᠷᠤ ᠶᠢᠨ ᠨᠢᠯᠪᠣᠰᠤ ᠬᠠᠳᠠᠬᠤ ᠦᠭᠡᠶ ᠮᠠᠯᠳᠠᠢ᠌ᠨ᠎ᠡ

        ᠵᠠᠭᠤᠷᠠᠳᠤ ᠪᠠᠷ ᠬᠠᠯᠢᠭᠰᠠᠨ ᠮᠤᠩᠭ᠋ᠤᠯ ᠪᠠᠭᠠᠳᠤᠷ ᠤᠨ ᠴᠢᠰᠤ ᠬᠠᠷᠠᠯᠠᠬᠤ ᠦᠭᠡᠶ ᠣᠯᠠᠢ᠌ᠨ᠎ᠠ

        ᠬᠠᠭᠠᠨ ᠣᠷᠤ ᠪᠣᠯᠢᠶᠠᠯᠳᠤᠭᠰᠠᠨ ᠠᠯᠳᠠᠨ ᠣᠷᠤᠭᠳᠠᠨ ᠤ ᠰᠢᠪᠰᠢᠭ᠌ ᠨᠢᠭᠤᠷ ᠡᠴᠡ ᠳᠦᠭᠡᠨᠡᠨ᠎ᠡ

        ᠬᠠᠮᠤᠭ ᠮᠤᠩᠭ᠋ᠤᠯ ᠶᠢᠡᠨ ᠪᠠᠷᠠᠭᠰᠠᠨ ᠳᠡᠦᠭᠡ ᠶᠢᠨ ᠢᠴᠢᠭᠦᠷᠢ ᠵᠢᠷᠦᠭᠡᠨ ᠳᠡᠭᠡᠷ᠎ᠡ ᠳᠠᠰᠢᠭᠤᠷᠳᠠᠨ᠎ᠠ

ᠭᠡᠳᠤᠨ ᠳᠦᠷᠤ ᠶᠢᠨ ᠨᠠᠢ᠌ᠰᠯᠠᠯ ᠪᠣᠯᠤᠭᠰᠠᠨ ᠪᠠᠭᠡᠵᠢᠩ ᠵᠠᠯᠠᠭᠤ ᠪᠠᠷ ᠶᠢᠡᠨ ᠪᠣᠭᠤᠷᠤᠯᠳᠤᠨ᠎ᠡ

ᠭᠡᠴᠢᠨᠡᠨ ᠵᠢᠯ ᠤᠨ ᠪᠣᠯᠪᠠᠰᠤᠨ ᠪᠦᠳᠦᠭᠡᠵᠤ ᠪᠠᠭᠡᠵᠢᠩ ᠰᠤᠶᠤᠯ ᠶᠢᠡᠷ ᠶᠢᠡᠨ ᠪᠠᠬᠠᠷᠬᠠᠨ᠎ᠠ

ᠭᠡᠵᠢᠶ᠎ᠡ ᠴᠤ ᠬᠤᠪᠢᠷᠠᠬᠤ ᠦᠭᠡᠶ ᠳᠡᠦᠭᠡ ᠶᠢᠨ ᠦᠨᠡᠨ ᠪᠠᠭᠡᠵᠢᠩ ᠡᠴᠡ ᠦᠷᠭᠦᠯᠵᠢᠯᠡᠨ᠎ᠡ

ᠭᠡᠷᠴᠢᠪᠠᠴᠤ ᠳᠠᠰᠤᠷᠠᠬᠤ ᠦᠭᠡᠶ ᠳᠦᠷᠤ ᠶᠢᠨ ᠵᠢᠯᠤᠭᠤ ᠪᠠᠭᠡᠵᠢᠩ ᠡᠴᠡ ᠵᠠᠯᠭᠠᠯᠳᠤᠨ᠎ᠠ

        ᠰᠠᠯᠭᠢ ᠨᠢ ᠭᠦᠷᠳᠡᠯ᠎ᠡ ᠵᠥᠭᠡᠯᠡᠨ ᠦᠯᠢᠶᠠᠵᠤ ᠳᠦᠷᠤ ᠶᠢᠨ ᠣᠷᠤᠭᠤᠯ ᠶᠢᠡᠷ ᠦᠨᠦᠰᠤᠨ᠎ᠡ

        ᠰᠠᠷᠠ ᠨᠢ ᠪᠣᠯᠪᠠᠴᠤ ᠨᠠᠮᠤᠭᠤᠬᠠᠨ ᠳᠤᠨᠤᠷᠠᠭᠠᠤᠨ ᠰᠦᠨ ᠭᠡᠷᠡᠯ ᠶᠢᠡᠨ ᠠᠰᠬᠠᠨ᠎ᠠ

        ᠰᠠᠭᠯᠠᠭᠠᠷ ᠮᠤᠳᠤᠨ ᠳᠤ ᠨᠢ ᠰᠢᠪᠠᠭᠤᠳ ᠬᠤᠨᠤᠭᠯᠠᠵᠤ ᠨᠣᠢ᠌ᠷ ᠦᠷᠭᠦᠭᠡᠨ ᠵᠢᠷᠭᠢᠨ᠎ᠡ

        ᠰᠠᠷᠠᠪᠴᠢᠨ ᠤ ᠰᠡᠭᠦᠳᠡᠷ ᠲᠤ ᠨᠠᠰᠤᠳᠠᠤᠨ ᠵᠤᠭᠤᠭᠳᠠᠨ ᠭᠦᠭ᠍ᠰᠢᠷᠡᠭ᠍ᠰᠡᠨ ᠶᠢᠡᠨ ᠮᠠᠷᠳᠠᠨ᠎ᠠ

ᠡᠵᠡᠨ ᠳᠡᠭᠡᠨ ᠡᠷᠭᠡᠯᠡᠭ᠍ᠰᠡᠨ ᠶᠠᠩᠵᠤ ᠶᠢᠨ ᠨᠤᠬᠠᠤᠨ ᠵᠡᠭᠡᠯᠢ ᠪᠠᠷ ᠭᠦᠰᠭᠡᠷᠡᠨ᠎ᠡ

ᠡᠯᠳᠡᠪ ᠤᠨ ᠳᠤᠯᠤᠭᠠᠨ ᠬᠠᠶᠠᠭᠳᠠᠮᠠᠯ ᠤᠳ ᠬᠤᠭ ᠤᠨ ᠬᠠᠢ᠌ᠷᠴᠠᠭ ᠣᠷᠤᠭᠤ ᠭᠡᠢ᠌ᠰᠤᠨ᠎ᠡ

ᠡᠭᠡᠨᠡᠷ ᠤᠨ ᠪᠣᠭᠴᠤ ᠠᠳᠤᠭᠤᠯᠵᠤ ᠳᠡᠯᠭᠡᠭᠦᠷ ᠤᠨ ᠴᠤᠩᠬᠤ ᠨᠣᠢ᠌ᠷ ᠦᠭᠡᠶ ᠪᠦᠯᠳᠡᠢ᠌ᠨ᠎ᠡ

ᠡᠯᠵᠢᠭᠡᠨ ᠤ ᠮᠢᠬᠠᠨ ᠳᠤ ᠪᠠᠨ ᠱᠠᠩᠳᠠᠵᠤ ᠬᠤᠭᠤᠯᠠᠨ ᠭᠡᠷ ᠳᠤᠰᠤ ᠪᠠᠷ ᠪᠦᠭᠡᠯᠵᠢᠨ᠎ᠡ

      ᠨᠠᠢ᠌ᠰᠯᠠᠯ ᠭᠡᠳᠡᠭ᠌ ᠠᠷᠢᠭᠤᠨ ᠠᠯᠳᠠᠷ ᠡᠩᠭᠡᠷ ᠡᠴᠡ ᠨᠢ ᠵᠡᠭᠦᠭ᠍ᠳᠡᠨ ᠭᠢᠯᠠᠰᠤᠨ᠎ᠡ

      ᠨᠠᠮ ᠳᠦᠷᠤ ᠶᠢᠨ ᠮᠡᠷᠭᠡᠨ ᠪᠣᠳᠤᠯᠭ᠎ᠠ ᠡᠪᠦᠷ ᠲᠤ ᠨᠢ ᠢᠳᠡᠭᠡᠰᠢᠨ ᠪᠣᠯᠪᠠᠰᠤᠷᠠᠨ᠎ᠠ

      ᠨᠠᠷᠠᠨ ᠵᠥᠭ᠌ ᠳᠠᠯᠠᠪᠴᠢ ᠪᠠᠨ ᠳᠡᠯᠡᠭ᠍ᠰᠡᠨ ᠭᠠᠯᠪᠡ ᠶᠢᠨ ᠭᠦᠰᠡᠯ ᠪᠠᠭᠡᠵᠢᠩ ᠡ

      ᠨᠠᠰᠤ ᠪᠠᠷ ᠨᠡᠭᠦᠭᠡᠳ ᠭᠦᠷᠭᠦ ᠦᠭᠡᠶ ᠭᠠᠵᠠᠷ ᠤᠨ ᠭᠤᠨᠢᠭ ᠴᠤ ᠪᠠᠭᠡᠵᠢᠩ ᠡ ︕


ᠰᠢᠠᠵᠢᠶᠠᠩ ᠤᠨ《ᠦᠷ ᠤᠨ ᠴᠤᠯᠮᠤᠨ》ᠰᠡᠳᠭᠦᠯ ᠳᠤ ᠨᠡᠢ᠌ᠳᠡᠯᠡᠭ᠍ᠳᠡᠭ᠍ᠰᠡᠨ ᠢ ᠡ᠊ᠨᠳᠡ ᠰᠢᠯᠵᠢᠭᠦᠯᠪᠡ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1304
ᠴᠠᠭ᠄ 2012 ᠤᠨ ᠤ 04 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁