☆ ᠪ᠊·ᠮᠡᠷᠭᠡᠡᠪᠢᠯᠢᠭ᠌
ᠭᠡᠷ ᠤᠨ ᠪᠣᠭᠤᠯ
1.
ᠳᠠᠢ᠌ᠮᠤ ᠨᠢᠭᠡᠨ ᠠᠢ᠌ᠯ ᠳᠤ ᠵᠠᠶᠠᠭᠠᠵᠤ ᠳᠡᠨᠡᠭ᠍ᠭᠡᠨ ᠪᠣᠷᠤ ᠠᠮᠢᠳᠤᠷᠠᠯ ᠳᠤ ᠮᠠᠯᠴᠢᠨ ᠵᠠᠶᠠᠭ᠎ᠠ ᠲᠡᠶ ᠮᠠᠯ ᠤᠨ ᠪᠠᠯᠴᠢᠭᠡᠷ ᠳᠤ ᠦᠰᠴᠦ᠂ ᠠᠯᠠ ᠲᠡᠶ ᠦᠮᠦᠳᠦ ᠡᠮᠦᠰᠴᠤ ᠪᠠᠢ᠌ᠭᠰᠠᠨ ᠡᠴᠡ ᠪᠠᠨ ᠣᠳᠠᠯ ᠦᠭᠡᠶ ᠡᠷ᠎ᠡ ᠶᠢᠨ ᠴᠡᠭᠡᠯ ᠳᠤ ᠭᠦᠷᠴᠤ᠂ ᠠᠢ᠌ᠯ ᠤᠨ ᠭᠡᠦᠭᠡᠡᠴᠦᠳ ᠲᠤ ᠨᠢᠳᠤ ᠣᠷᠭᠢᠬᠤ ᠪᠣᠯᠤᠯ᠎ᠠ᠃ ᠭᠡᠳᠡᠯ᠎ᠡ ᠳᠠᠩᠴᠢ ᠪᠠᠶ᠎ᠠ ᠪᠠᠨ ᠭᠢᠮᠠᠭᠠᠳᠠᠬᠤ ᠦᠭᠡᠶ ᠶᠢᠨ ᠣᠴᠢᠷ ᠭᠡᠦᠭᠡᠡᠴᠦᠳ ᠲᠤ ᠡᠭᠡᠯᠵᠢᠯᠡᠨ ᠭᠤᠯᠤᠭᠳᠠᠵᠤ ᠡᠭᠡᠨᠡᠷ ᠣᠯᠤᠬᠤ ᠦᠭᠡᠶ ᠭᠤᠴᠢ ᠳᠦᠭᠦᠯᠡ᠃ ᠪᠠᠶ᠎ᠠ ᠪᠠᠨ ᠭᠢᠮᠠᠭᠠᠳᠠᠬᠤ ᠦᠭᠡᠶ ᠭᠡᠵᠤ ᠣᠭᠢᠶᠠᠵᠤ ᠴᠡᠪᠠᠷᠯᠡᠭᠦ ᠦᠭᠡᠶ᠂ ᠬᠤᠪᠴᠠᠰᠤ ᠬᠤᠨᠠᠷ ᠨᠢ ᠳᠤᠰᠤᠯᠠᠭᠰᠠᠨ ᠶᠤᠮ ᠰᠢᠭ ᠭᠢᠯᠳᠠᠭᠠᠨᠠᠵᠤ᠂ ᠬᠠᠮᠢᠭ᠎ᠠ ᠰᠠᠭᠤᠭᠰᠠᠨ ᠭᠠᠵᠠᠷ ᠳᠤᠨᠢ ᠪᠦᠭᠡᠰᠤ ᠣᠷᠤᠯᠳᠤᠵᠤ᠂ ᠭᠦᠮᠤᠨ ᠠᠮᠢᠳᠠᠨ ᠤᠢ᠌ᠷᠠᠳᠤᠬᠤ ᠶᠢᠨ ᠠᠷᠭ᠎ᠠ ᠦᠭᠡᠶ ᠶᠠᠪᠣᠳᠠᠭ ᠮᠠᠭᠤᠬᠠᠨ ᠵᠠᠩ ᠲᠡᠶ ᠶᠤᠮ᠃
ᠠᠬᠠᠰ ᠵᠠᠬᠠᠰ ᠠᠬ᠎ᠠ ᠳᠡᠭᠦᠤ ᠰᠠᠳᠤᠨ ᠨᠢ ᠶᠠᠷᠢᠭᠰᠠᠭᠠᠷ ᠪᠠᠢ᠌ᠵᠤ ᠠᠷᠠᠢ ᠭᠡᠵᠤ ᠭᠦᠮᠤᠨ ᠳᠦᠷᠢ ᠲᠡᠶ ᠶᠠᠪᠣᠬᠤ ᠪᠣᠯᠭᠠᠯ᠎ᠠ᠃ ᠶᠠᠷᠤᠨᠢ ᠭᠠᠭᠴᠠ ᠮᠤᠳᠤ ᠭᠠᠯ ᠪᠣᠯᠬᠤ ᠦᠭᠡᠶ᠂ ᠭᠠᠭᠴᠠ ᠭᠦᠮᠤᠨ ᠠᠢ᠌ᠯ ᠪᠣᠯᠬᠤ ᠦᠭᠡᠶ ᠭᠡᠳᠡᠭ᠍ᠴᠢᠯᠡᠨ ᠭᠤᠴᠢ ᠳᠦᠭᠦᠭ᠍ᠰᠡᠨ ᠡᠷ᠎ᠡ ᠳᠤ ᠴᠢᠨᠢ ᠣᠳᠤ ᠡᠭᠡᠨᠡᠷ ᠠᠪᠴᠤ ᠦᠭᠭᠦ ᠦᠭᠡᠶ ᠪᠣᠯ ᠬᠤᠵᠢᠮ ᠨᠠᠩ ᠪᠠᠷᠭᠡᠳᠡᠵᠤ ᠡᠨᠡ ᠨᠢᠭᠡ ᠨᠠᠰᠤ ᠪᠠᠨ ᠭᠤᠡᠭ᠌ ᠪᠠᠶ᠎ᠠ ᠭᠤᠵᠤᠩ ᠳᠤᠯᠤᠭᠠᠢ ᠥᠩᠭᠡᠷᠡᠭᠡᠭᠦ ᠪᠣᠯᠤᠨ᠎ᠠ ᠳ᠋ᠠ᠃ ᠳᠠᠷᠠ ᠴᠤ ᠦᠪᠡᠷ ᠶᠢᠡᠨ ᠡᠭᠡᠨᠡᠷ ᠦᠭᠡᠶ ᠶᠢᠨ ᠬᠠᠯᠠ ᠳᠤ ᠠᠪᠳᠠᠵᠤ᠂ ᠡᠳᠦᠷ ᠲᠡᠭᠡᠨ ᠬᠤᠭᠤᠯᠠ ᠴᠠᠢ ᠳᠤ ᠪᠠᠨ ᠴᠤ ᠵᠦᠪ ᠦᠭᠡᠶ᠂ ᠰᠦᠨᠢ ᠳᠡᠭᠡᠨ ᠡᠭᠡᠨᠡᠷ ᠰᠠᠨᠠᠬᠤ ᠶᠢᠨ ᠵᠤᠪᠠᠯᠠᠩ ᠳᠤ ᠪᠠᠷᠢᠭᠳᠠᠵᠤ᠂ ᠳᠠᠷᠠ ᠡᠴᠡ ᠪᠠᠨ ᠥᠭᠡᠷ᠎ᠡ ᠬᠠᠨᠢ ᠦᠭᠡᠶ ᠥᠩᠭᠡᠷᠡᠭᠡᠨ᠎ᠡ᠃ ᠰᠡᠭᠦᠯ ᠰᠡᠭᠦᠯ ᠳᠡᠭᠡᠨ ᠬᠠᠮᠢᠭ᠎ᠠ ᠭᠡᠦᠭᠡᠨ ᠪᠠᠢ᠌ᠨ᠎ᠠ ᠭᠡᠵᠤ ᠰᠤᠨᠤᠰᠪᠠᠯ ᠳᠠᠠᠳᠠ ᠭᠦᠷᠴᠤ ᠠᠵᠢᠯᠯᠠᠳᠠᠭ ᠪᠣᠯᠤᠯ᠎ᠠ᠃ ᠠᠬᠠᠰ ᠵᠠᠬᠠᠰ ᠨᠡᠷ ᠨᠢ ᠴᠤ ᠭᠡᠦᠭᠡᠨ ᠭᠡᠯᠡᠯᠴᠡᠵᠤ ᠦᠭᠭᠦ ᠭᠡᠳ ᠮᠤᠩᠭ᠋ᠠᠨᠢᠨ᠎ᠠ᠃ ᠦᠨᠦᠭᠢ ᠴᠢᠨᠢ ᠬᠠᠮᠢᠭ᠎ᠠ ᠭᠦᠷᠦᠭ᠍ᠰᠡᠨ ᠴᠤ ᠭᠤᠯᠤᠭᠳᠠᠵᠤ᠂ ᠭᠡᠨ ᠤ ᠳᠤ ᠣᠷᠤᠭᠰᠠᠨ ᠴᠤ ᠭᠦᠭᠡᠭ᠍ᠳᠡᠵᠤ ᠭᠠᠷᠤᠨ᠎ᠠ᠃ ᠶᠠᠷᠤᠨᠢ ᠡᠨᠡ ᠪᠠᠶᠠᠨ ᠳᠡᠭᠡᠨ ᠡᠭᠡᠨᠡᠷ ᠦᠭᠡᠶ ᠶᠢᠨ ᠵᠠᠶᠠᠭ᠎ᠠ ᠲᠡᠶ ᠢᠷᠡᠭ᠍ᠰᠡᠨ ᠭᠡᠵᠢ ᠦᠦ ︖
2.
《ᠪᠣᠶᠠᠨ ᠲᠡᠶ ᠭᠦᠮᠤᠨ ᠢ ᠪᠣᠷᠬᠠᠨ ᠦᠷᠤᠰᠢᠶᠠᠨᠠ》 ᠭᠡᠵᠤ ᠰᠠᠬᠠᠭᠠᠯᠳᠠ ᠶᠢᠨ ᠭᠢᠨᠢ ᠴᠠᠪᠠᠷ ᠭᠡᠦᠭᠡᠨ ᠰᠢᠯᠤᠭᠤᠬᠠᠨ ᠵᠦᠪᠰᠢᠶᠠᠷᠠᠯᠠ᠃ ᠨᠢᠭᠡ ᠯᠠ ᠨᠥᠭᠦᠴᠡᠯ ᠭᠦᠴᠤᠨ ᠤ ᠭᠦᠷᠭᠡᠨ ᠠᠪᠬᠤ ᠶᠤᠮ ᠭᠡᠨ᠎ᠡ᠃ ᠮᠠᠨ ᠤ ᠭᠦᠮᠤᠨ ᠤ ᠪᠠᠶᠠᠷᠯᠠᠭᠰᠠᠨ ᠭᠡᠵᠢ᠂ ᠣᠳᠤᠬᠠᠨ ᠯᠠ ᠶᠠᠭᠤᠮ᠎ᠠ ᠭᠡᠦᠮ᠎ᠡ ᠪᠠᠨ ᠵᠥᠭᠡᠴᠢᠭᠡᠮᠡᠷ ᠮᠤᠩᠭ᠋ᠠᠨᠢᠯᠠ᠃
ᠬᠤᠷᠤᠭᠤ ᠳᠠᠷᠤᠨ ᠬᠤᠨᠤᠭ ᠳᠤᠭᠠᠯᠠᠭᠰᠠᠭᠠᠷ ᠳᠦᠩᠭᠡᠵᠢ ᠡᠳᠦᠷ ᠨᠢ ᠳᠤᠯᠵᠤ ᠬᠤᠷᠢᠮᠯᠠᠵᠤ ᠭᠠᠷᠤᠯ᠎ᠠ᠃ ᠡᠷ᠎ᠡ ᠭᠦᠮᠤᠨ ᠭᠡᠵᠤ ᠡᠭᠡᠨᠡᠷ ᠦᠭᠡᠶ ᠪᠣᠯ ᠠᠮᠢᠳᠤᠷᠠᠯ ᠳᠤᠭᠤᠯᠠᠩ ᠲᠡᠶ ᠬᠣᠢ᠌ᠨ᠎ᠠ᠂ ᠭᠦᠷᠭᠡᠨ ᠣᠷᠤᠵᠤ ᠬᠤᠷᠢᠮ ᠶᠢᠡᠨ ᠭᠢᠭᠡᠳ ᠨᠠᠰᠤ ᠪᠠᠨ ᠪᠦᠳᠦᠭᠡᠭ᠍ᠰᠡᠨ ᠳᠠᠷᠠ ᠮᠠᠷᠭᠠᠰᠢ ᠡᠴᠡ ᠨᠢ ᠡᠭᠢᠯᠡᠵᠤ ᠦᠷ ᠶᠢᠡᠷ ᠪᠣᠰᠴᠤ ᠭᠠᠳᠠᠨ᠎ᠠ ᠳᠤᠳᠤᠨᠠᠭᠢ ᠠᠵᠢᠯ ᠢ ᠨᠢ ᠭᠢᠯ᠎ᠠ ᠴᠢᠯᠠ ᠪᠣᠯᠳᠠᠯ᠎ᠠ ᠭᠢᠳᠡᠭ᠌ ᠪᠣᠯᠤᠯ᠎ᠠ᠃ ᠭᠦᠮᠤᠨ ᠭᠡᠳᠡᠭ᠌ ᠴᠢᠨᠢ ᠨᠡᠭᠡᠷᠡᠨ ᠳᠦᠷᠭᠡᠨ ᠬᠤᠪᠢᠷᠠᠨ᠎ᠠ ᠳ᠋ᠠ᠃ ᠠᠢ᠌ᠯ ᠤᠨ ᠭᠡᠦᠭᠡᠨ ᠴᠠᠪᠠᠷ ᠴᠤ ᠨᠢᠭᠤᠴᠠᠬᠠᠨ ᠪᠠᠶᠠᠷᠯᠠᠵᠤ ᠠᠪᠣ ᠡᠵᠢ ᠳᠡᠭᠡᠨ ᠡᠷᠭᠡᠯᠡᠨ᠎ᠡ᠃ ᠳᠠᠷᠠ ᠮᠠᠨᠢ ᠡᠳᠦᠷᠵᠢᠨ ᠠᠵᠢᠯ ᠳᠤ ᠮᠤᠩᠭ᠋ᠠᠨᠢᠵᠤ ᠠᠢ᠌ᠯ ᠤᠨ ᠨᠢᠭᠡᠨ ᠳᠤᠯᠭᠠᠭᠤᠷᠢ ᠪᠣᠯᠤᠭᠰᠠᠨ ᠳᠠᠭᠠᠨ ᠪᠠᠶᠠᠷᠯᠠᠨ᠎ᠠ᠃ 《ᠪᠠᠶᠠᠷᠯᠠᠭᠰᠠᠨ ᠭᠡᠷᠢᠶ᠎ᠡ ᠪᠠᠷᠭᠢᠷᠡ》ᠭᠡᠳᠡᠭ᠌ ᠶᠢᠡᠷ ᠳᠠᠷᠠ ᠮᠠᠨᠢ ᠭᠡᠨ ᠠᠭᠤᠯᠵᠠᠭᠰᠠᠨ ᠪᠣᠯᠭᠠᠨ ᠳᠤ ᠦᠪᠡᠷ ᠢ ᠪᠠᠨ ᠪᠠᠬᠠᠰᠢᠶᠠᠨ ᠶᠠᠷᠢᠨ᠎ᠠ᠃
ᠬᠤᠷᠢᠮ ᠶᠢᠡᠨ ᠭᠢᠭᠡᠳ ᠡᠳᠦᠷ ᠤᠨ ᠳᠤᠭᠠᠯᠠᠯ ᠴᠠᠭ ᠤᠨ ᠥᠩᠭᠡᠷᠡᠯᠳᠡ ᠪᠠᠷ ᠮᠠᠨ ᠤ ᠭᠦᠮᠤᠨ ᠤ ᠪᠦᠰᠡᠭᠦᠢ ᠴᠤ ᠶᠠᠭᠠᠷᠠᠭᠰᠠᠨ ᠭᠡᠷᠡᠭ᠌ ᠪᠣᠯᠵᠤ ᠴᠠᠭ ᠡᠴᠡ ᠡᠮᠦᠨ᠎ᠡ ᠭᠦᠩᠭᠡᠵᠢᠵᠤ ᠪᠣᠠᠳᠠᠭᠠᠷ ᠴᠠᠭᠠᠨ ᠭᠦᠤ ᠲᠡᠶ ᠪᠣᠯᠵᠤ ᠪᠠᠶᠠᠷ ᠳᠡᠭᠡᠷ᠎ᠡ ᠪᠠᠶᠠᠷ ᠨᠠᠮᠠᠵᠤ ᠪᠠᠰᠠ ᠨᠢᠭᠡᠨ ᠭᠦᠷ ᠠᠪᠴᠢᠷᠠᠯ᠎ᠠ᠃ ᠡᠨᠡ ᠠᠢ᠌ᠯ ᠳᠤ ᠳᠠᠷᠠ ᠮᠠᠨᠢ ᠡᠢ᠌ᠮᠤ ᠳᠦᠷᠭᠡᠨ ᠠᠪᠣ ᠰᠠᠭᠤᠭᠰᠠᠨ ᠳᠠᠭᠠᠨ ᠭᠦᠭ᠍ᠰᠡᠵᠤ ᠳᠠᠷᠢᠶᠠᠯᠠᠩ ᠤᠨ ᠮᠠᠰᠢᠨ ᠨᠢᠭᠡ ᠶᠢ ᠠᠪᠣᠯ᠎ᠠ᠃ ᠠᠢ᠌ᠯ ᠤᠨ ᠭᠦᠷᠦᠩᠭᠡᠨ ᠳᠡᠭᠡᠷ᠎ᠡ ᠭᠦᠴᠤᠨ ᠤ ᠭᠦᠷᠭᠡᠨ ᠣᠷᠤᠭᠰᠠᠨ ᠶᠤᠮ ᠴᠢᠨᠢ ᠠᠪᠣᠭᠰᠠᠨ ᠮᠠᠰᠢᠨ ᠶᠢᠡᠨ ᠪᠦᠰᠡᠭᠦᠢ ᠶᠢᠨ ᠶᠢᠡᠨ ᠨᠠᠷᠠ ᠳᠡᠭᠡᠷ᠎ᠡ ᠳᠠᠩᠰᠠᠯᠠᠭᠤᠯᠤᠯᠠ᠃ ᠭᠦᠤ ᠲᠡᠶ ᠪᠣᠯᠤᠭᠰᠠᠨ ᠡᠴᠡ ᠠᠪᠣᠭᠠᠤᠨ ᠳᠠᠷᠠ ᠮᠠᠨᠢ ᠣᠯᠠᠮ ᠴᠤ ᠵᠠᠯᠠᠭᠤᠵᠢᠭᠰᠠᠨ ᠶᠤᠮ ᠰᠢᠭ ᠰᠠᠨᠠᠭᠳᠠᠵᠤ ᠣᠳᠤ ᠴᠤ ᠭᠦᠤ ᠪᠠᠨ ᠦᠰᠳᠠᠯᠠ ᠳᠤᠮᠤ ᠪᠠᠶᠠᠨ ᠪᠣᠯᠤᠨ᠎ᠠ ᠳ᠋ᠠ ᠭᠡᠵᠤ ᠳᠤᠳᠤᠷ᠎ᠠ ᠪᠠᠨ ᠭᠦᠭ᠍ᠰᠡᠨᠡ᠃
ᠡᠭᠡᠨᠡᠷ ᠶᠢᠡᠨ ᠠᠵᠢᠯ ᠳᠤ ᠶᠠᠷᠤ ᠭᠠᠷ ᠳᠦᠷᠦᠭᠦᠯᠳᠡᠭ᠌ ᠦᠭᠡᠶ ᠳᠠᠷᠠ ᠮᠠᠨᠢ ᠣᠯᠠᠮ ᠴᠤ ᠥᠭᠦᠭᠡᠷᠳᠡᠨ᠂ ᠦᠪᠡᠷ ᠲᠤ ᠮᠢᠨᠢ ᠭᠦᠤ ᠵᠠᠶᠠᠭᠠᠵᠤ ᠦᠭᠭᠦᠭ᠍ᠰᠡᠨ ᠳᠤ ᠪᠠᠶᠠᠷᠯᠠᠯ᠎ᠠ ᠭᠡᠵᠤ ᠡᠳᠦᠷ ᠤᠨ ᠮᠠᠷᠭᠠᠰᠢ ᠳᠤ ᠶᠠᠷᠢᠳᠠᠭ ᠪᠣᠯᠤᠯ᠎ᠠ᠃ ᠡᠭᠡᠨᠡᠷ ᠨᠢ ᠴᠤ ᠣᠯᠠᠮ ᠶᠠᠩᠪᠠ ᠲᠡᠶ ᠪᠣᠯᠵᠤ ᠭᠦᠯ ᠶᠢᠡᠨ ᠭᠦᠷᠳᠡᠯ᠎ᠡ ᠳᠡᠭᠦᠨ ᠶᠢᠡᠷ ᠣᠭᠢᠶᠠᠯᠭᠠᠳᠠᠭ ᠪᠣᠯᠤᠯ᠎ᠠ᠃ ᠳᠠᠷᠠ ᠴᠤ ᠠᠷᠠᠢ ᠯᠠ ᠳᠤᠰᠴᠤ ᠰᠢᠭᠡᠯᠭᠡᠭᠦ ᠡᠴᠡ ᠭᠠᠳᠠᠨ᠎ᠠ ᠪᠣᠰᠤᠳ ᠢ ᠨᠢ ᠪᠦᠷ ᠭᠦᠢᠴᠡᠭᠡᠳᠡᠭ᠌ ᠪᠣᠯᠤᠯ᠎ᠠ᠃ ᠵᠡᠭᠦᠡᠰᠢ ᠭᠡᠪᠠᠯ ᠪᠠᠷᠠᠭᠤᠠᠰᠢ ᠦᠭᠡᠶ ᠶᠤᠰᠤᠳᠠᠢ ᠠᠷᠠᠯ ᠤᠨ ᠱᠠᠷ ᠰᠢᠭ ᠵᠢᠦᠡᠭᠦᠵᠤ ᠯᠠ ᠶᠠᠪᠣᠨ᠎ᠠ᠃
3.
《ᠭᠡᠷᠡᠭ᠌ ᠭᠡᠳᠡᠭ᠌ ᠶᠠᠭᠤᠮ᠎ᠠ ᠭᠡᠩᠭᠡᠷᠭᠡ ᠴᠠᠩ ᠲᠡᠶ ᠢᠷᠡᠳᠡᠭ᠌ ᠦᠭᠡᠶ》 ᠬᠣᠢ᠌ᠨ᠎ᠠ ᠭᠦᠤ ᠦᠰᠴᠦ ᠳᠦᠷᠪᠠ ᠶᠢᠨ ᠣᠢ ᠥᠩᠭᠡᠷᠡᠯ᠎ᠡ᠃ ᠳᠠᠷᠠ ᠮᠠᠨᠢ ᠴᠤ ᠡᠳᠦᠷ ᠡᠴᠡ ᠡᠳᠦᠷ ᠡᠨᠡ ᠠᠢ᠌ᠯ ᠤᠨ ᠭᠦᠮᠦᠰ ᠤᠨ ᠨᠢᠳᠤᠨ ᠳ᠋ᠤᠨᠢ ᠣᠷᠤᠭᠰᠠᠨ ᠬᠤᠭ᠂ ᠭᠢᠮᠤᠰᠤᠨ ᠳ᠋ᠤᠨᠢ ᠰᠢᠭᠠᠭᠰᠠᠨ ᠦᠷᠭᠡᠰᠤ ᠰᠢᠭ᠌ ᠪᠣᠯᠵᠤ ᠬᠤᠭᠤᠯᠠ ᠴᠠᠢ ᠪᠠᠨ ᠴᠤ ᠬᠠᠯᠠᠭᠤᠨ ᠶᠢᠡᠷ ᠨᠢ ᠣᠯᠵᠤ ᠢᠳᠡᠭᠦ ᠪᠠᠨ ᠪᠣᠯᠢᠯ᠎ᠠ᠃
ᠭᠡᠷᠡᠭ᠌ ᠶᠠᠷᠤᠨᠢ ᠣᠭ ᠨᠢ ᠡᠢ᠌ᠮᠤ ᠪᠠᠢ᠌ᠭᠰᠠᠨ ᠶᠤᠮ ᠪᠠᠢ᠌ᠵᠠᠢ᠃ ᠳᠡᠭᠦᠨ ᠤ ᠪᠦᠰᠡᠭᠦᠢ ᠴᠠᠪᠠᠷ᠂ ᠭᠡᠦᠭᠡᠨ ᠦᠶ᠎ᠡ ᠳᠡᠭᠡᠨ ᠠᠢ᠌ᠯ ᠤᠨ ᠵᠠᠯᠠᠭᠤ ᠲᠡᠶ ᠨᠡᠢ᠌ᠯᠡᠭᠡᠳ ᠭᠡᠳᠡᠰᠤᠨ ᠳᠡᠭᠡᠨ ᠨᠢᠭᠡ ᠶᠢ ᠣᠯᠴᠢᠬᠠᠭᠰᠠᠨ ᠠᠷᠭ᠎ᠠ ᠦᠭᠡᠶ ᠳᠡᠭᠦᠨ ᠢ ᠰᠤᠩᠭ᠋ᠤᠭᠰᠠᠨ ᠶᠤᠮ ᠪᠠᠢ᠌ᠵᠠᠢ᠃ ᠣᠳᠤ ᠪᠦᠷ ᠬᠡᠦᠬᠡᠳ ᠶᠢᠡᠨ ᠭᠦᠩᠵᠢᠭᠡᠳ ᠥᠰᠭᠡᠴᠢᠭᠡᠯᠡ᠂ ᠦᠨᠦ ᠵᠠᠯᠠᠭᠤ ᠨᠢ ᠴᠤ ᠣᠳᠤ ᠪᠣᠯᠳᠠᠯ᠎ᠠ ᠪᠦᠰᠡᠭᠦᠢ ᠠᠪᠣᠭ᠎ᠠ ᠦᠭᠡᠶ ᠳᠤ ᠳᠡᠭᠦᠨ ᠤ ᠪᠦᠰᠡᠭᠦᠢ ᠴᠠᠪᠠᠷ ᠳᠡᠭᠦᠨ ᠡᠴᠡ ᠰᠠᠯᠵᠤ ᠦᠨᠦᠭᠢ ᠲᠡᠶ ᠪᠠᠨ ᠨᠡᠢ᠌ᠯᠡᠭᠦ ᠪᠠᠷ ᠪᠡᠯᠡᠳᠭᠡᠯ᠎ᠡ᠃ ᠳᠡᠭᠡᠭᠡᠳ ᠯᠠ ᠳᠠᠷᠠ ᠮᠠᠨᠢ ᠡᠭᠡᠨᠡᠷ ᠲᠡᠭᠡᠨ ᠭᠤᠯᠤᠭᠳᠠᠵᠤ ᠭᠠᠳᠠᠨᠠᠭᠢ ᠠᠵᠢᠯ ᠢ ᠨᠢ ᠭᠢᠷᠢ ᠵᠡᠷᠭᠡ ᠭᠢᠭ᠍ᠰᠡᠨ ᠴᠤ ᠥ ᠡᠷᠢᠭ᠍ᠳᠡᠭᠡᠳ ᠪᠠᠢ᠌ᠳᠠᠭ ᠪᠣᠯᠤᠯ᠎ᠠ᠃
ᠪᠣᠷᠬᠠᠨ ᠪᠣᠯᠭᠠᠵᠤ ᠭᠦᠮᠤᠨ ᠤ ᠭᠡᠦᠭᠡᠨ ᠢ ᠭᠡᠳᠤᠨ ᠵᠢᠯ ᠳᠠᠭᠢᠭᠠᠤᠨ ᠪᠣᠭᠤᠯ ᠰᠢᠭ ᠡᠭᠦᠳᠡᠨ ᠳ᠋ᠤᠨᠢ ᠭᠡᠳᠤᠨ ᠵᠢᠯ ᠵᠢᠦᠡᠭᠦᠭᠡᠳ ᠡᠴᠦᠰ ᠰᠡᠭᠦᠯ ᠳ᠋ᠤᠨᠢ ᠡᠭᠡᠨᠡᠷ ᠴᠤ ᠦᠭᠡᠶ ᠭᠦᠤ ᠴᠤ ᠦᠭᠡᠶ ᠮᠠᠰᠢᠨ ᠴᠤ ᠦᠭᠡᠶ ᠪᠣᠯᠵᠤ ᠮᠦᠨ ᠯᠠ ᠣᠭ ᠤᠨ ᠠᠮᠢᠳᠤᠷᠠᠯ ᠭᠤᠩ ᠪᠠᠶ᠎ᠠ ᠭᠤᠵᠤᠩ ᠳᠤᠯᠤᠭᠠᠢ ᠳᠡᠨᠡᠭᠦᠴᠢᠯᠡᠯᠡ᠃
4.
ᠣᠷᠤᠭ ᠰᠠᠯᠤᠭᠰᠠᠨ ᠤ ᠪᠠᠨ ᠬᠤᠶᠠᠷ ᠵᠢᠯ ᠤᠨ ᠳᠠᠷᠠᠭ᠎ᠠ ᠵᠡᠷᠭᠡᠯᠡᠳᠡᠭᠡ ᠭᠠᠴᠠᠭᠠᠨ ᠤ ᠭᠢᠨᠢ ᠨᠢᠭᠡ ᠡᠷ᠎ᠡ ᠡᠭᠡᠨᠡᠷ ᠶᠢᠡᠨ ᠭᠤᠯᠤᠵᠤ ᠭᠦᠮᠤᠨ ᠤ ᠭᠡᠦᠭᠡᠨ ᠢ ᠳᠠᠭᠠᠭᠤᠯᠤᠭᠠᠤᠨ ᠭᠦᠶᠦᠭ᠍ᠰᠡᠨ ᠴᠢᠮᠡᠭᠡ ᠳᠤᠭᠤᠯᠳᠠᠯ᠎ᠠ᠃ ᠳᠠᠷᠠ ᠮᠠᠨᠢ ᠴᠤ ᠰᠤᠨᠤᠷ ᠰᠠᠢ᠌ᠳᠠᠢ ᠭᠦᠮᠤᠨ ᠳ᠋ᠠ ᠭᠦᠭᠡᠷᠦᠭᠦᠢ᠂ ᠳᠠᠷᠠ ᠳᠡᠭᠡᠭᠡᠳ ᠯᠠ ᠭᠤᠯᠤᠭᠳᠠᠭᠰᠠᠨ ᠡᠭᠡᠨᠡᠷ ᠲᠤ ᠭᠤᠷᠢ ᠰᠠᠨᠠᠵᠤ ᠦᠷᠭᠦᠯᠵᠢ ᠭᠦᠷᠳᠡᠭ᠌ ᠪᠣᠯᠤᠯ᠎ᠠ᠃ ᠦᠪᠡᠷ ᠶᠢᠡᠨ ᠴᠤ ᠭᠤᠯᠤᠭᠳᠠᠭᠰᠠᠨ ᠡᠷ᠎ᠡ ᠶᠤᠮ ᠴᠢᠨᠢ ᠭᠡᠵᠤ ᠪᠣᠳᠤᠭᠰᠠᠨ ᠳᠠᠭᠠᠨ ᠴᠤ ᠶᠤᠮ ᠦᠦ ︖ ᠶᠠᠪᠣᠭᠰᠠᠭᠠᠷ ᠶᠠᠪᠣᠭᠰᠠᠭᠠᠷ ᠭᠡᠷᠡᠭ᠌ ᠪᠦᠳᠦᠵᠤ ᠬᠤᠷᠢᠮ ᠶᠢᠡᠨ ᠭᠢᠵᠤ ᠡᠭᠦᠳᠡᠨ ᠳ᠋ᠤᠨᠢ ᠭᠦᠷᠴᠤ ᠠᠮᠢᠳᠤᠷᠠᠯ᠎ᠠ᠃ ᠡᠨᠡ ᠨᠠᠰᠤᠨ ᠳᠠᠭᠠᠨ ᠶᠠᠷᠤᠨᠢ ᠭᠦᠴᠤᠨ ᠭᠦᠷᠭᠡᠨ ᠤ ᠵᠠᠶᠠᠭ᠎ᠠ ᠲᠡᠶ ᠴᠤ ᠶᠤᠮ ᠦᠦ ᠳ᠋ᠠ ︖ ᠡᠨᠡ ᠣᠳᠠᠭ᠎ᠠ ᠬᠠᠷᠢᠨ ᠨᠢᠭᠡᠨ ᠭᠦᠤ ᠪᠢᠰᠢ᠂ ᠭᠤᠷᠪᠠᠨ ᠭᠡᠦᠭᠡᠨ ᠤ ᠠᠪᠣ ᠪᠣᠯᠵᠤ ᠠᠢ᠌ᠯ ᠤᠨ ᠭᠤᠯᠤᠮᠳᠠ ᠶᠢ ᠳᠠᠭᠢᠵᠤ ᠰᠢᠨ᠎ᠠ ᠠᠮᠢᠳᠤᠷᠠᠯ ᠶᠢᠡᠨ ᠡᠯᠭᠦᠯ᠎ᠡ᠃
ᠬᠤᠷᠢᠮ ᠶᠢᠡᠨ ᠭᠢᠭ᠍ᠰᠡᠨ ᠤ ᠬᠣᠢ᠌ᠨ᠎ᠠ ᠳᠠᠷᠠ ᠮᠠᠨᠢ ᠴᠤ ᠬᠤᠶᠠᠷ ᠵᠢᠯ ᠤᠨ ᠭᠠᠩᠳᠠᠭᠰᠠᠨ ᠳᠠᠷᠢᠶ᠎ᠠ ᠣᠰᠤ ᠰᠠᠨᠠᠭᠰᠠᠨ ᠶᠤᠮ ᠰᠢᠭ ᠠᠢ᠌ᠯ ᠠᠮᠢᠳᠠᠨ ᠢ ᠳᠤᠭᠤᠷᠢᠯ ᠦᠭᠡᠶ ᠭᠡᠷ ᠤᠨ ᠮᠤᠬᠤᠷ ᠰᠠᠭᠢᠵᠤ ᠡᠭᠡᠨᠡᠷ ᠡᠴᠡ ᠪᠠᠨ ᠳᠦᠭᠡ ᠰᠠᠯᠬᠤ ᠦᠭᠡᠶ ᠠᠮᠢᠳᠤᠷᠠᠯ ᠢ ᠭᠦᠭᠡᠴᠡᠯᠳᠦᠨᠡ᠃ ᠨᠢᠭᠡ ᠭᠡᠨᠡᠳᠦᠵᠤ ᠭᠡᠷᠰᠡᠤ ᠰᠠᠭᠤᠭᠰᠠᠨ ᠳᠠᠷᠠ ᠮᠠᠨᠢ ᠠᠢ᠌ᠯ ᠤᠨ ᠵᠠᠯᠠᠭᠤᠴᠤᠳ ᠢ ᠡᠭᠦᠳᠡᠨ ᠳᠡᠭᠡᠨ ᠴᠤ ᠢᠷᠡᠭᠦᠯᠳᠡᠭ᠌ ᠦᠭᠡᠶ ᠪᠣᠯᠤᠯ᠎ᠠ᠃
ᠮᠦᠨ ᠴᠤ ᠠᠵᠢᠯ ᠢ ᠰᠠᠢ᠌ᠨ ᠭᠢᠳᠡᠭ᠌ ᠡᠷ᠎ᠡ ᠶᠤᠮ ᠪᠠᠢ᠌ᠨ᠎ᠠ᠂ ᠡᠨᠡ ᠶᠢ ᠴᠢᠨᠢ ᠵᠠᠷᠤᠪᠠᠯ ᠪᠣᠯᠳᠠᠭ ᠶᠤᠮ ᠪᠠᠢ᠌ᠨ᠎ᠠ ᠭᠡᠰᠡᠨ ᠰᠢᠭ᠌ ᠡᠭᠡᠨᠡᠷ ᠨᠢ ᠳᠡᠭᠦᠨ ᠳᠤ ᠮᠠᠰᠢᠨ ᠨᠢᠭᠡ ᠶᠢ ᠠᠪᠴᠤ ᠦᠭᠭᠦᠯ᠎ᠡ᠃ ᠳᠡᠭᠦᠨ ᠤ ᠭᠦᠭᠡᠷᠦᠮᠡᠳᠡᠭᠡᠢ ᠭᠡᠵᠤ ᠮᠠᠰᠢᠨ ᠢ ᠨᠢ ᠥᠵᠡᠮᠡᠭ᠍ᠴᠡ ᠮᠠᠯᠠᠭᠠᠢ ᠪᠠᠨ ᠭᠡᠭᠡᠴᠢᠭᠡᠯ᠎ᠡ᠃
5.
ᠭᠡᠦᠭᠡᠡᠴᠦᠳ ᠨᠢ ᠦᠰᠴᠦ ᠰᠤᠷᠭᠠᠭᠤᠯᠢ ᠰᠤᠶᠤᠯ ᠤᠨ ᠮᠦᠷ ᠢ ᠭᠦᠭᠡᠭᠡᠯᠡ᠃ ᠳᠡᠭᠦᠨ ᠤ ᠪᠦᠰᠡᠭᠦᠢ ᠨᠢ ᠴᠤ ᠭᠡᠦᠭᠡᠨ ᠶᠢᠡᠨ ᠬᠠᠷᠠᠬᠤ ᠰᠢᠯᠳᠠᠭ ᠶᠢᠡᠷ ᠬᠤᠳᠠ ᠣᠷᠤᠵᠤ ᠰᠠᠭᠤᠯ᠎ᠠ᠃ ᠳᠠᠷᠠ ᠮᠠᠨᠢ ᠴᠤ ᠭᠦᠳᠡᠭᠡ ᠭᠡᠷ ᠠᠷᠤ ᠬᠣᠢ᠌ᠨ᠎ᠠ ᠨᠢ ᠮᠠᠯ ᠢ ᠨᠢ ᠬᠠᠷᠠᠵᠤ ᠬᠤᠳᠠ ᠰᠠᠭᠢᠨ ᠮᠠᠰᠢᠨ ᠲᠡᠶ ᠪᠠᠨ ᠬᠤᠴᠤᠷᠤᠯ᠎ᠠ᠃ ᠭᠡᠦᠭᠡᠨ ᠢ ᠪᠠᠨ ᠳᠠᠭᠠᠭᠤᠯᠤᠭᠰᠠᠨ ᠡᠭᠡᠨᠡᠷ ᠨᠢ ᠬᠤᠳᠠ ᠣᠷᠤᠵᠤ ᠵᠢᠷᠭᠠᠯ ᠡᠳ᠋ᠯᠡᠨ ᠰᠠᠭᠤᠨ᠎ᠠ᠃ ᠳᠠᠷᠠ ᠮᠠᠨᠢ ᠣᠯᠤᠭᠰᠠᠨ ᠵᠤᠭᠤᠰ ᠶᠢᠡᠨ ᠬᠣᠢ᠌ᠨ᠎ᠠ ᠡᠴᠡ ᠨᠢ ᠭᠦᠷᠭᠡᠵᠤ ᠠᠳᠠᠭ ᠨᠢ ᠨᠢᠭᠡ ᠴᠤ ᠣᠯᠵᠤ ᠬᠤᠨᠤᠬᠤ ᠦᠭᠡᠶ ᠭᠡᠳᠡᠷᠭᠦ ᠪᠣᠴᠠᠨ᠎ᠠ᠃ ᠠᠷᠤ ᠭᠡᠷ ᠲᠡᠭᠡᠨ ᠭᠦᠷᠦᠭ᠍ᠰᠡᠭᠡᠷ ᠠᠵᠢᠯ ᠢ ᠪᠠᠨ ᠭᠢᠵᠤ ᠪᠦᠰᠡᠭᠦᠢ ᠶᠢᠨ ᠶᠢᠡᠨ ᠬᠠᠷᠢᠵᠤ ᠢᠷᠡᠭᠦ ᠶᠢ ᠭᠦᠯᠢᠶᠡᠨ᠎ᠡ᠃
ᠭᠠᠳᠠᠨ᠎ᠠ ᠡᠴᠡ ᠨᠢ ᠭᠦᠮᠦᠰ ᠦᠵᠡᠪᠠᠯ ᠭᠡᠷ ᠲᠡᠶ ᠭᠦᠮᠤᠨ ᠴᠤ᠃ ᠭᠡᠪᠠᠴᠤ ᠮᠦᠨ ᠯᠠ ᠭᠠᠭᠴᠠᠭᠠᠷ ᠶᠢᠡᠨ ᠭᠡᠷ ᠤᠨ ᠮᠤᠬᠤᠷ ᠰᠠᠭᠢᠵᠤ ᠬᠤᠨᠤᠭ ᠳᠤᠭᠠᠯᠠᠨ᠎ᠠ᠃ ᠰᠠᠷ᠎ᠠ᠂ ᠬᠤᠶᠠᠷ ᠰᠠᠷ᠎ᠠ ᠪᠣᠯᠤᠮᠠᠠᠵᠢᠨ ᠪᠦᠰᠡᠭᠦᠢ ᠨᠢ ᠬᠠᠷᠢᠵᠤ ᠨᠢᠭᠡ ᠢᠷᠡᠭᠡᠳ ᠳᠡᠭᠦᠨ ᠢ ᠪᠠᠶᠠᠷᠯᠠᠭᠤᠯᠴᠢᠬᠠᠭᠠᠤᠨ ᠭᠡᠳᠡᠷᠭᠦ ᠪᠣᠴᠠᠨ᠎ᠠ᠃ ᠶᠠᠪᠣᠬᠤ ᠳᠠᠭᠠᠨ ᠮᠦᠨ ᠳᠡᠭᠦᠨ ᠤ ᠣᠯᠤᠭᠰᠠᠨ ᠭᠡᠳᠤᠨ ᠵᠤᠭᠤᠰ ᠢ ᠨᠢ ᠡᠪᠦᠷᠳᠦᠯᠡᠭᠡᠳ ᠶᠠᠪᠣᠨ᠎ᠠ᠃ ᠳᠠᠷᠠ ᠮᠠᠨᠢ ᠬᠣᠢ᠌ᠨ᠎ᠠ ᠡᠴᠡ ᠨᠢ ᠪᠠᠷᠠᠯᠠᠵᠤ ᠡᠭᠡᠨᠡᠷ ᠲᠡᠶ ᠳᠤ ᠪᠠᠨ ᠣᠮᠤᠷᠬᠠᠨᠠ᠃
6.
ᠭᠤᠯᠤᠭᠳᠠᠭᠰᠠᠨ ᠢ ᠨᠢ ᠳᠡᠭᠦᠵᠤ ᠠᠮᠢᠳᠤᠷᠠᠭᠰᠠᠨ ᠴᠤ 《ᠪᠣᠭᠤᠯ》 ᠵᠠᠶᠠᠭᠠᠨ ᠡᠴᠡ ᠪᠠᠨ ᠰᠠᠯᠤᠭ᠎ᠠ ᠦᠭᠡᠶ ᠳᠠᠷᠠ ᠮᠠᠨᠢ ᠡᠳᠦᠷ ᠡᠳᠦᠷ ᠡᠭᠦᠳᠡᠨ ᠳ᠋ᠤᠨᠢ ᠵᠢᠦᠡᠭᠦᠵᠤ᠂ ᠭᠦᠮᠤᠨ ᠦᠵᠡᠪᠠᠯ ᠡᠭᠡᠨᠡᠷ ᠲᠡᠶ ᠴᠤ ᠣᠯᠠᠩᠭᠢ ᠡᠳᠦᠷ ᠤᠳ ᠢ ᠭᠠᠭᠴᠠᠭᠠᠷ ᠶᠢᠡᠨ ᠥᠩᠭᠡᠷᠡᠭᠡᠵᠤ ᠣᠯᠤᠭᠰᠠᠨ ᠭᠡᠳᠤᠨ ᠵᠤᠭᠤᠰ ᠶᠢᠡᠨ ᠴᠤ ᠦᠪᠡᠷ ᠶᠢᠡᠨ ᠣᠯᠵᠤ ᠵᠠᠷᠤᠬᠤ ᠦᠭᠡᠶ᠂ ᠭᠦᠮᠤᠨ ᠤ ᠭᠤᠯᠤᠭᠰᠠᠨ ᠡᠭᠡᠨᠡᠷ ᠦᠷ᠎ᠡ ᠳᠤ ᠡᠷᠭᠦᠨ᠎ᠡ᠃ ᠡᠷ᠎ᠡ ᠨᠥᠭᠦᠷ ᠤᠨ ᠨᠠᠷᠠ ᠠᠪᠣ ᠭᠦᠮᠤᠨ ᠤ ᠠᠯᠳᠠᠷ ᠢ ᠵᠡᠭᠦᠭ᠍ᠰᠡᠨ ᠶᠤᠮ ᠴᠢᠨᠢ ᠪᠠᠰᠠᠴᠤ ᠠᠷᠭ᠎ᠠ ᠦᠭᠡᠶ᠃ ᠳᠠᠳᠠᠨ ᠤ ᠪᠠᠨ ᠬᠣᠢ᠌ᠨ᠎ᠠ ᠡᠴᠡ ᠦᠯᠮᠠᠢ ᠪᠠᠨ ᠴᠤᠭᠤᠷᠤᠳᠠᠯᠠ ᠵᠢᠦᠡᠭᠦᠨ᠎ᠡ᠃
ᠭᠦᠮᠤᠨ ᠭᠦᠮᠤᠨ ᠤ ᠠᠮᠢᠳᠤᠷᠠᠯ ᠤᠨ ᠵᠢᠮ᠎ᠠ ᠠᠳᠠᠯᠢ ᠦᠭᠡᠶ ᠬᠣᠢ᠌ᠨ᠎ᠠ - ᠳᠡᠭᠦᠨ ᠤ ᠰᠡᠳᠭᠢᠯ ᠳᠤ ᠳᠡᠢ᠌ᠮᠦᠷᠭᠦ ᠠᠮᠢᠳᠤᠷᠠᠯ ᠨᠢ ᠴᠤ ᠨᠢᠭᠡ ᠶᠤᠰᠤᠨ ᠤ ᠵᠢᠷᠭᠠᠯ ᠪᠠᠢ᠌ᠭᠠᠰᠠᠢ᠃
2010-02-27
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠰᠠᠢ᠌ᠬᠠᠠᠳᠠᠯ᠎ᠠ ᠰᠤᠮᠤ ᠪᠠᠶᠠᠠᠠᠭᠤᠯᠠ ᠭᠠᠴᠠᠭ᠎ᠠ
ᠵᠤᠬᠢᠶᠠᠭᠴᠢ᠄ ᠪ᠊·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6075
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ