ᠣᠢ᠌ᠮᠤᠷᠠᠯ

ᠬᠠᠪᠣᠷ ᠤᠨ ᠳᠡᠭ᠍ᠷᠢ

ᠬᠠᠷᠠᠴᠠᠨ ᠤ ᠴᠠᠭᠠᠨ᠎ᠠ ᠵᠠᠮᠬᠠᠷᠠᠵᠤ

ᠠᠷᠪᠠᠨ ᠲᠦᠮᠡᠨ ᠨᠠᠷᠠ

ᠠᠭᠠᠷ ᠳᠡᠭᠡᠭᠦᠷ ᠰᠤᠮᠤᠳᠠᠨ ᠥᠩᠭᠡᠷᠡᠪᠡ

ᠭᠦᠯ ᠳᠤᠤᠷᠠᠭᠢ ᠴᠢᠯᠠᠭᠤ

ᠰᠡᠷᠢᠭᠡᠴᠢ ᠳ᠋ᠠ

ᠴᠢ ᠪᠣᠯ

ᠡᠭᠡ ᠭᠠᠵᠠᠷ ᠊ᠤᠨ

ᠡᠪᠦᠯ ᠤᠨ ᠨᠠᠮᠵᠢᠭᠤᠨ ᠵᠢᠷᠦᠭᠡ ᠶᠤᠮ

ᠦᠨᠦ ᠰᠦᠨᠢ ᠪᠢ

ᠣᠢ᠌ᠤᠠᠬᠠᠷᠯᠠᠵᠤ ᠭᠠᠭᠴᠠᠭᠠᠷ

ᠣᠳᠤ ᠳᠤᠭᠠᠯᠠᠵᠤ ᠵᠤᠭᠰᠤᠨ᠎ᠠ

ᠣᠯᠠᠨ ᠵᠠᠭᠤᠨ ᠤ

ᠮᠠᠷᠳᠠᠭᠳᠠᠵᠤ ᠬᠤᠯᠠᠳᠤᠭᠰᠠᠨ

ᠰᠢᠯᠦᠭ᠌ ᠤᠨ ᠮᠦᠷ ᠤᠳ

ᠵᠡᠭᠦᠳᠤᠨ ᠳᠤ ᠪᠠᠭᠤᠪᠠ

ᠭᠡᠷ ᠤᠨ ᠰᠠᠷᠠᠪᠴᠢᠨ ᠳᠤᠤᠷ᠎ᠠ

ᠭᠡᠴᠢᠨᠡᠨ ᠵᠢᠯ ᠤᠨ ᠡᠮᠦᠨᠡᠭᠢ

ᠭᠡᠨᠡᠳᠲᠡ ᠶᠢᠨ ᠨᠢᠭᠡ ᠪᠣᠷᠤᠭᠠᠨ ᠤ ᠳᠠᠭᠤ

ᠭᠤᠨᠢᠭᠳᠠᠢ ᠡᠯᠭᠦᠭ᠍ᠳᠡᠨ᠎ᠡ

ᠣᠮᠠᠷ᠎ᠠ ᠰᠠᠯᠭᠢᠨ ᠊ᠤ

ᠣᠷᠳᠤᠬᠠᠨ ᠠᠮᠢᠰᠬᠤᠭ᠎ᠠ

ᠣᠯᠠᠷᠢᠯ ᠤᠨ ᠭᠠᠳᠠᠨ᠎ᠠ ᠱᠤᠤᠭᠢᠭᠰᠠᠭᠠᠷ᠁


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠬᠠᠷᠢᠶ᠎ᠠ᠄ ᠰᠢᠯᠦᠭ
ᠳᠠᠷᠤᠮ᠄ 1732
ᠴᠠᠭ᠄ 2009 ᠤᠨ ᠤ 12 ᠰᠠᠷ᠎ᠠ ᠶᠢᠨ 22