ᠴᠢᠮ᠎ᠠ ᠲᠡᠶ ᠳᠠᠨᠢᠯᠴᠠᠭᠰᠠᠨ ᠡᠴᠡ

ᠴᠢᠮ᠎ᠠ ᠲᠡᠶ ᠳᠠᠨᠢᠯᠴᠠᠭᠰᠠᠨ ᠡᠴᠡ

ᠴᠢᠩ ᠦᠨᠡᠨ ᠬᠠᠢ᠌ᠷ᠎ᠠ ᠳᠤ ᠰᠤᠭᠳᠤᠭᠤᠷᠠᠭᠰᠠᠨ

ᠴᠢᠮ᠎ᠠ ᠲᠡᠶ ᠳᠠᠨᠢᠯᠴᠠᠭᠰᠠᠨ ᠡᠴᠡ

ᠥᠭᠡᠢ᠌ᠯᠡᠨ ᠰᠠᠨᠠᠵᠤ ᠵᠦᠳᠠᠷᠠᠵᠤ ᠶᠠᠪᠣᠭᠰᠠᠨ

ᠴᠢᠮ᠎ᠠ ᠲᠡᠶ ᠳᠠᠨᠢᠯᠴᠠᠭᠰᠠᠨ ᠡᠴᠡ

ᠰᠠᠷᠠ ᠲᠡᠶ ᠰᠦᠨᠢ ᠶᠢᠨ ᠰᠡᠯᠡᠭᠦᠭᠡᠨ ᠳᠤ ᠵᠤᠭᠠᠴᠠᠭᠰᠠᠨ

ᠴᠢᠮ᠎ᠠ ᠲᠡᠶ ᠳᠠᠨᠢᠯᠴᠠᠭᠰᠠᠨ ᠡᠴᠡ

ᠵᠠᠭᠢᠳᠠᠯ ᠪᠢᠴᠢᠭᠦ ᠶᠢᠨ ᠢᠭ᠍ᠳᠦᠯᠦᠯ ᠢ ᠮᠡᠳᠡᠭ᠍ᠰᠡᠨ

ᠴᠢᠮ᠎ᠠ ᠲᠡᠶ ᠳᠠᠨᠢᠯᠴᠠᠭᠰᠠᠨ ᠡᠴᠡ

ᠴᠢᠭᠯᠡᠯᠳᠡ ᠬᠠᠷᠠᠯᠳᠠ ᠲᠡᠶ ᠪᠣᠯᠤᠭᠰᠠᠨ

ᠴᠢᠮ᠎ᠠ ᠲᠡᠶ ᠳᠠᠨᠢᠯᠴᠠᠭᠰᠠᠨ ᠡᠴᠡ

ᠴᠢᠩ ᠦᠨᠡᠨ ᠰᠡᠳᠭᠢᠯ ᠶᠢᠡᠨ ᠠᠭᠤᠳᠠᠯᠠᠭᠰᠠᠨ

ᠴᠠᠪᠠᠷ ᠠᠷᠢᠭᠤᠨ ᠬᠠᠢ᠌ᠷ᠎ᠠ ᠪᠠᠨ ᠦᠭ‍ᠭᠦᠶ᠎ᠡ ᠭᠡᠰᠡᠨ

ᠴᠡᠴᠡᠭ᠌ ᠬᠤᠸᠠᠷ ᠰᠢᠭ ᠳᠡᠯᠭᠡᠷᠡᠵᠤ ᠶᠠᠪᠣᠶ᠎ᠠ ᠭᠡᠰᠡᠨ

ᠴᠡᠭᠡᠨ ᠪᠣᠯᠤᠷ ᠰᠢᠭ ᠭᠡᠷᠡᠯᠳᠦᠵᠤ ᠶᠠᠪᠣᠶ᠎ᠠ ᠭᠡᠰᠡᠨ

ᠴᠡᠩᠭᠡᠷ ᠬᠥᠭᠡ ᠣᠭᠳᠠᠷᠭᠤᠢ ᠪᠠᠷ ᠭᠦᠭᠯᠡᠵᠤ ᠶᠠᠪᠣᠶ᠎ᠠ ᠭᠡᠰᠡᠨ

ᠣᠶᠤᠨ ᠤ ᠨᠤᠮᠢᠨ ᠳᠠᠯᠠᠢ ᠳᠤ ᠱᠤᠩᠪᠠᠵᠤ ᠶᠠᠪᠣᠶ᠎ᠠ ᠭᠡᠰᠡᠨ

ᠡᠷᠳᠡᠮ ᠤᠨ ᠦᠨᠳᠦᠷ ᠣᠷᠭᠢᠯ ᠳᠤ ᠮᠠᠴᠤᠵᠤ ᠶᠠᠪᠣᠶ᠎ᠠ ᠭᠡᠰᠡᠨ

ᠨᠤᠮᠢᠨ ᠨᠤᠭᠤᠭᠠᠨ ᠳᠠᠯ᠎ᠠ ᠳᠤ ᠪᠠᠨ ᠬᠠᠢ᠌ᠷ᠎ᠠ ᠪᠠᠨ ᠦᠭ‍ᠭᠦᠶ᠎ᠡ ᠭᠡᠰᠡᠨ

ᠪᠠᠷᠭᠡᠳᠤ ᠠᠮᠢᠳᠤᠷᠠᠯ ᠤᠨ ᠵᠠᠮ ᠢ ᠬᠠᠮᠳᠤ ᠪᠠᠷ ᠳᠤᠭᠤᠯᠤᠶ᠎ᠠ ᠭᠡᠰᠡᠨ


ᠵᠤᠬᠢᠶᠠᠭᠴᠢ ᠶᠢᠨ ᠬᠠ‍‌ᠶᠢᠭ ᠄ ᠭᠦᠯᠤᠨ ᠪᠤᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠭᠦᠭ᠍ᠵᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1663
ᠴᠠᠭ᠄ 2010 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ