ᠢᠷᠠᠭᠤ ᠨᠠᠢ᠌ᠷᠠᠭ ᠲᠤ ᠬᠠᠢ᠌ᠷᠠᠳᠠᠢ ᠶᠢᠨ ᠣᠴᠢᠷ

ᠡᠷᠳᠡᠨ ᠡᠳᠦᠭᠡ ᠶᠢ ᠠᠮᠠ ᠳᠠᠮᠵᠢᠨ ᠬᠠᠭᠤᠴᠢᠯᠠᠭᠰᠠᠨ

ᠡᠮᠡᠭᠡᠴᠦᠳ ᠤᠨ ᠮᠢᠨᠢ ᠴᠠᠢ ᠶᠢᠨ ᠵᠤᠭᠤᠭ ᠳᠤ

ᠡᠪᠦᠭᠡᠴᠦᠳ ᠤᠨ ᠮᠢᠨᠢ ᠠᠢ᠌ᠷᠠᠭ ᠤᠨ ᠬᠠᠭᠤᠴᠢ ᠳ᠋ᠤ

ᠦᠶ᠎ᠡ ᠶᠢᠨ ᠵᠠᠯᠠᠭᠤᠰ ᠤᠨ ᠨᠠᠢ᠌ᠷ ᠨᠠᠭᠠᠳᠤᠮ ᠤᠨ ᠴᠢᠯᠦᠭᠡᠨ ᠳᠤ

ᠥᠶᠡᠷᠭᠡᠳᠡᠭ᠌ ᠦᠬᠢᠳ ᠤᠨ ᠰᠠᠭᠠᠯᠢ ᠰᠦ᠋ ᠶᠢᠨ ᠵᠠᠪᠰᠠᠷ ᠳᠤ

ᠨᠤᠳᠤᠭ ᠤᠨ ᠮᠢᠨᠢ ᠢᠷᠠᠭᠤ ᠨᠠᠢ᠌ᠷᠠᠭᠴᠢ

ᠨᠠ᠊·ᠰᠠᠢ᠌ᠠᠴᠤᠭᠳᠤ ᠶᠢᠨ ᠳᠤᠷᠠᠰᠤᠮᠵᠢ ᠪᠠᠢ᠌ᠳᠠᠭ ᠶᠢᠡᠷ ᠵᠢᠠᠨ

ᠰᠠᠨᠠᠭ᠎ᠠ ᠣᠬᠠᠭᠠᠨ ᠬᠤᠶᠠᠷ ᠨᠢ ᠳᠡᠩᠴᠡᠭ᠍ᠰᠡᠨ ᠠᠬᠠᠰ ᠤᠨ ᠵᠢᠠᠨ

ᠰᠡᠭᠦᠳᠡᠷ ᠤᠨ ᠭᠢᠨᠢ ᠳᠡᠷᠭᠡᠳᠡ ᠰᠡᠭᠦᠳᠡᠷ ᠨᠢ ᠪᠣᠯᠵᠤ

ᠰᠢᠯᠦᠭ᠌ ᠳᠠᠭᠤᠨ ᠤ ᠭᠢᠨᠢ ᠢᠷᠠᠭᠤ ᠳ᠋ᠤ

ᠰᠡᠳᠭᠢᠯ ᠶᠢᠡᠷ ᠶᠢᠡᠨ ᠰᠤᠭᠳᠤᠵᠤ ᠶᠠᠪᠣᠭᠰᠠᠨ

ᠴᠠᠳᠢᠭ ᠦᠭᠡᠶ ᠪᠠᠭ᠎ᠠ ᠯᠠ ᠨᠠᠰᠤᠨ ᠤ ᠮᠢᠨᠢ

ᠴᠠᠢ᠌ᠯᠭᠠᠨ ᠰᠤᠨᠢᠭᠤᠴᠠᠬᠠᠨ ᠣᠢ ᠣᠬᠠᠭᠠᠨ ᠳ᠋ᠤ

ᠰᠢᠷᠡᠭᠡᠳᠤ ᠶᠢᠨ ᠮᠠᠠᠳᠠ᠂ ᠵᠠᠯᠪᠠ ᠶᠢᠨ ᠦᠨᠡᠠᠵᠤᠷᠢᠭᠳᠤ ᠵᠡᠷᠭᠡ

ᠢᠷᠠᠭᠤ ᠨᠠᠢ᠌ᠷᠠᠭ ᠤᠨ ᠶᠢᠡᠨ ᠪᠠᠳᠠᠭ ᠵᠢᠠᠷ

ᠠᠷᠠᠤᠨ ᠣᠯᠠᠨ ᠶᠢᠡᠨ ᠪᠠᠶᠠᠰᠬᠠᠭᠰᠠᠨ

ᠰᠠᠳᠤᠨ ᠲᠦᠷᠦᠯ ᠮᠢᠨᠢ ᠪᠠᠢ᠌ᠳᠠᠭ ᠶᠢᠡᠷ ᠵᠢᠠᠨ

ᠣᠢ᠌ᠷᠠᠳᠤᠭᠤᠯᠵᠤ ᠭᠡᠯᠡᠭᠦ ᠳ᠋ᠤ

ᠣᠷᠢ ᠣᠬᠠᠭᠠᠨ ᠤ ᠪᠠᠨ ᠣᠴᠢ ᠪᠠᠷ

ᠰᠢᠯᠦᠭ᠌ ᠤᠨ ᠭᠠᠯ ᠠᠰᠠᠭᠠᠵᠤ

ᠣᠳᠤ ᠰᠢᠭ ᠴᠠᠴᠠᠨ ᠥᠭᠡᠰ ᠶᠢᠡᠷ ᠵᠢᠠᠨ

ᠰᠡᠳᠭᠢᠯ ᠤᠨ ᠭᠡᠭᠡ ᠬᠠᠢ᠌ᠷᠠᠯᠠᠳᠠᠭ

ᠭ·ᠡᠷᠳᠡᠨᠢ ᠠᠬ᠎ᠠ ᠵᠢᠨ

ᠭᠤᠷᠪᠠᠨ ᠳᠠᠰᠤᠯᠭ᠎ᠠ ᠥᠷᠭᠦᠭᠡ ᠨᠢ

ᠪᠣᠷᠤᠬᠠᠨ ᠭᠡᠷ ᠤᠨ ᠮᠢᠨᠢ ᠶᠠᠭ ᠡᠮᠦᠨᠡᠭᠡᠨ ᠪᠠᠢ᠌ᠳᠠᠭ ᠶᠢᠡᠷ ᠵᠢᠠᠨ

ᠪᠠᠢ᠌ᠨ ᠪᠠᠢ᠌ᠨ ᠢᠷᠠᠭᠤ ᠨᠠᠢ᠌ᠷᠠᠭ ᠤᠨ ᠭᠢᠨᠢ ᠴᠢᠮᠡᠭᠡ ᠰᠤᠨᠤᠰᠳᠠᠳᠠᠭ ᠶᠢᠡᠷ ᠵᠢᠠᠨ

ᠠᠭᠤᠯᠠ ᠲᠡᠶ ᠭᠠᠵᠠᠷ ᠳᠠᠷᠪᠠᠭ᠎ᠠ ᠴᠤᠭᠯᠠᠵᠤ

ᠣᠰᠤ ᠲᠡᠶ ᠭᠠᠵᠠᠷ ᠰᠢᠪᠠᠭᠤᠳ ᠬᠤᠷᠠᠬᠤ ᠰᠢᠭ

ᠣᠶᠠᠩᠭ᠋᠎ᠠ ᠳᠤ ᠬᠠᠢ᠌ᠷᠠᠳᠠᠢ ᠠᠷᠠᠤᠨ ᠤᠨ ᠶᠢᠡᠨ ᠳᠤᠮᠳᠠ

ᠢᠷᠠᠭᠤ ᠨᠠᠢ᠌ᠷᠠᠭ ᠤᠨ ᠭᠢᠨᠢ ᠠᠢ᠌ᠵᠠᠮ ᠳᠤ ᠭᠦᠯᠴᠦᠭᠦᠷᠡᠵᠤ

ᠣᠨᠤᠭ᠎ᠠ ᠰᠠᠢ᠌ᠳᠠᠢ ᠰᠢᠯᠦᠭ᠍ᠴᠢᠳ ᠤᠨ ᠶᠢᠡᠨ ᠳᠤᠮᠳᠠ

ᠣᠬᠠᠭᠠᠨ ᠪᠢᠯᠢᠭ᠌ ᠶᠢᠡᠨ ᠰᠣᠢ᠌ᠬᠤ ᠶᠤᠮ ᠭᠡᠭᠦ ᠳ᠋ᠤ

ᠢᠷᠠᠭᠤ ᠨᠠᠢ᠌ᠷᠠᠭ ᠮᠢᠨᠤ

ᠠᠩᠭᠢᠷ ᠪᠠᠭ᠎ᠠ ᠶᠢᠨ ᠮᠥᠷᠦᠭᠡᠳᠦᠯ ᠪᠣᠯᠤᠭᠰᠠᠨ ᠶᠤᠮ︕

ᠡᠨᠡ ᠯᠠ ᠮᠥᠷᠦᠭᠡᠳᠦᠯ ᠶᠢᠡᠷ ᠪᠢ

ᠠᠷᠪᠠᠨ ᠨᠠᠰᠤᠨ ᠡᠴᠡ ᠪᠠᠨ

ᠬᠤᠷᠢᠨ ᠭᠤᠷᠪᠠ ᠪᠣᠯᠳᠠᠯ᠎ᠠ ᠠᠯᠬᠤᠯ᠎ᠠ

ᠡᠨᠡ ᠯᠠ ᠮᠥᠷᠦᠭᠡᠳᠦᠯ ᠶᠢᠡᠷ ᠪᠢ

ᠠᠯᠳᠠᠨ ᠨᠠᠷᠠᠨ ᠡᠴᠡ

ᠬᠤᠴᠤᠷᠠᠨ ᠬᠤᠴᠤᠷᠠᠳᠠᠯ᠎ᠠ ᠪᠠᠨ ᠠᠯᠬᠤᠨ᠎ᠠ︕

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 2162
ᠴᠠᠭ᠄ 2009 ᠤᠨ ᠤ 04 ᠰᠠᠷ᠎ᠠ ᠶᠢᠨ 18