ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠳᠢᠪ ᠢ ᠵᠠᠯᠭᠢᠭᠰᠠᠨ ᠲᠦᠨᠡᠷ ᠬᠠᠷᠠᠩᠭ᠋ᠤᠢ

ᠳᠤᠷᠤᠨ᠎ᠠ ᠵᠥᠭ᠌ ᠤᠨ ᠣᠯᠠᠠᠭᠠᠨ ᠳᠤᠶᠠᠭᠠᠨ ᠳᠤ

ᠲᠦᠯᠤ ᠮᠠᠳᠤ ᠰᠢᠳᠠᠭᠠᠭᠳᠠᠨ᠎ᠠ

ᠳᠤᠭᠵᠢᠷᠠᠮᠠᠯ ᠶ‍ᠢᠷᠳᠢᠠᠴᠤ ᠶᠢᠨ ᠦᠷ ᠬᠠᠶᠠᠭᠠᠷᠠᠪᠠ


ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠬᠠᠳᠠᠭᠤᠷᠠᠵᠤ ᠭᠦᠷᠯᠡᠭ᠍ᠰᠡᠨ ᠬᠠᠭᠤᠴᠢᠨ ᠴᠠᠰᠤ

ᠬᠠᠢ᠌ᠯ ᠤᠨ ᠱᠠᠯᠪᠠᠭ ᠪᠣᠯᠤᠨ ᠣᠷᠤᠰᠤᠭᠰᠠᠭᠠᠷ

ᠭᠡᠢ ᠠᠭᠤᠷ ᠪᠣᠯᠤᠨ ᠳᠡᠭ᠍ᠳᠡᠨ᠎ᠡ

ᠬᠤᠯᠠ ᠶᠢᠨ ᠳᠠᠷᠠ ᠵᠥᠭ᠌ ᠡᠷᠭᠢᠰᠢ ᠦᠭᠡᠶ ᠵᠢᠯᠢᠪᠠ


ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠭᠦᠭᠡᠷᠡᠭᠦ ᠶᠢ ᠭᠦᠯᠢᠶᠡᠭ᠍ᠰᠡᠨ ᠵᠥᠭᠡᠯᠡᠨ ᠨᠤᠭᠤᠭ᠎ᠠ

ᠭᠦᠮᠦᠰ ᠤᠨ ᠬᠠᠷᠠᠭ᠎ᠠ ᠪᠣᠯᠢᠶᠠᠨ ᠰᠤᠶᠤᠭᠠᠯᠠᠭᠰᠠᠭᠠᠷ

ᠭᠦᠭ᠍ᠵᠢᠯ ᠤᠨ ᠰᠤᠯᠤᠩᠭ᠋᠎ᠠ ᠳᠠᠳᠠᠨ ᠰᠤᠭᠤᠷᠠᠨ᠎ᠠ

ᠭᠦᠭᠡ ᠮᠤᠩᠭ᠋ᠤᠯ ᠤᠨ ᠰᠢᠨ᠎ᠠ ᠵᠢᠷᠤᠭ ᠢ ᠥᠩᠭᠡᠯᠡᠪᠡ


ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠨᠠᠢ᠌ᠯᠵᠠᠭᠤᠷ ᠪᠠᠢ᠌ᠭᠰᠠᠨ ᠵᠠᠯᠠᠭᠤ ᠨᠠᠷᠠᠰᠤ

ᠨᠠᠷᠠ ᠬᠤᠷ᠎ᠠ ᠶᠢᠨ ᠢᠯᠴᠢ ᠰᠢᠮ᠎ᠠ ᠳᠤ

ᠨᠠᠮᠵᠢᠭᠤᠨ ᠰᠠᠯᠭᠢᠨ ᠤ ᠵᠥᠭᠡᠯᠡᠨ ᠰᠢᠪᠰᠢᠶ᠎ᠠ ᠳᠤ

ᠨᠠᠷᠮᠠᠢ ᠮᠤᠩᠭ᠋ᠤᠯ ᠤᠨ ᠣᠷᠤᠨ ᠤ ᠳᠤᠯᠭᠠᠭᠤᠷᠢ ᠪᠣᠯᠵᠤ ᠪᠣᠰᠤᠨ᠎ᠠ


ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠪᠠᠭᠡᠷᠡᠵᠤ ᠬᠤᠨᠤᠭᠰᠠᠨ ᠣᠷᠠᠨ ᠪᠣᠯᠵᠤᠮᠤᠷ

ᠪᠠᠶ᠎ᠠ ᠰᠡᠭ᠍ᠰᠦᠷᠴᠤ ᠴᠡᠩᠭᠡᠷ ᠣᠭᠳᠠᠷᠭᠤᠢ ᠶᠢ ᠴᠢᠭᠯᠡᠨ

ᠪᠠᠯᠭᠡᠳᠤ ᠣᠷᠠᠨ ᠭᠡᠯᠡ ᠪᠠᠷ ᠶᠢᠡᠨ ᠪᠠᠶᠠᠰᠤᠯ ᠵᠢᠷᠭᠠᠯ ᠶᠢᠡᠨ ᠡᠭᠡᠰᠢᠭᠯᠡᠨ

ᠪᠠᠳᠠᠷᠠᠯᠳᠤ ᠮᠤᠩᠭ᠋ᠤᠯ ᠣᠷᠤᠨ ᠤ ᠮᠠᠭᠳᠠᠭᠠᠯ ᠳᠠᠭᠤᠤ ᠶᠢ ᠬᠠᠩᠭᠢᠨᠠᠭᠤᠯᠤᠨ᠎ᠠ


ᠭᠢᠩᠭ᠋ᠠᠨ ᠠᠭᠤᠯᠠᠨ ᠤ ᠣᠷᠭᠢᠯ ᠳᠤ ᠨᠠᠷᠠ ᠡᠷᠳᠡ ᠮᠠᠠᠳᠤᠨ᠎ᠠ

ᠳᠠᠯ᠎ᠠ ᠳᠤ ᠨᠢ ᠳᠠᠪᠤᠨ ᠰᠦᠷᠦᠭ᠌ ᠤᠨ ᠳᠠᠯᠠᠢ ᠨᠠᠯᠣᠢ᠌ᠨ᠎ᠠ

ᠳᠠᠪᠤᠨ ᠰᠦᠷᠦᠭ᠌ ᠤᠨ ᠰᠢᠮ᠎ᠠ ᠪᠠᠷ ᠳᠠᠩᠰᠤᠭ ᠠᠮᠢᠳᠤᠷᠠᠯ ᠪᠣᠴᠠᠯᠤᠨ᠎ᠠ

ᠳᠠᠩᠰᠤᠭ ᠠᠮᠢᠳᠤᠷᠠᠯ ᠤᠨ ᠵᠢᠷᠭᠠᠯᠠᠩ ᠢ ᠳᠠᠯ᠎ᠠ ᠶᠢᠨ ᠮᠠᠯᠴᠢᠳ ᠡᠳ᠋ᠯᠡᠨ᠎ᠡ

ᠳᠠᠯ᠎ᠠ ᠶᠢᠨ ᠮᠠᠯᠴᠢᠳ ᠤᠨ ᠴᠢᠷᠠᠢ ᠳᠤ ᠨᠠᠷᠠᠨ ᠤ ᠳᠤᠶᠠᠭ᠎ᠠ ᠰᠠᠴᠤᠷᠠᠨ᠎ᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1661
ᠴᠠᠭ᠄ 2010 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ