ᠮᠤᠩᠭ᠋ᠤᠯ ᠦᠰᠦᠭ᠌

ᠪᠣᠭᠳᠠ ᠶᠢᠨ ᠵᠠᠷᠯᠢᠭ ᠶᠢᠡᠷ ᠠᠮᠢᠯᠠᠭᠰᠠᠨ

ᠪᠣᠰᠤᠭ᠎ᠠ ᠮᠤᠩᠭ᠋ᠤᠯ ᠦᠰᠦᠭ᠌


ᠳᠠᠳᠠᠳᠤᠩᠭ᠎ᠠ ᠶᠢᠨ ᠪᠢᠯᠢᠭ᠌ ᠡᠴᠠ ᠣᠷᠭᠤᠭᠰᠠᠨ

ᠳᠠᠯᠳᠠ ᠶᠢᠨ ᠦᠨᠳᠦᠷ ᠠᠭᠤᠯᠠ


ᠠᠷᠪᠠᠨ ᠭᠤᠷᠪᠠᠳᠤᠭᠠᠷ ᠵᠠᠭᠤᠨ ᠡᠴᠠ

ᠠᠰᠠᠨ ᠳᠦᠷᠡᠯᠵᠡᠭ᠍ᠰᠡᠨ ᠭᠠᠯ


ᠠᠭᠳᠠ ᠶᠢᠨ ᠨᠢᠷᠤᠭᠤᠨ ᠡᠴᠠ ᠴᠠᠭᠢᠯᠤᠭᠰᠠᠨ

ᠠᠯᠳᠠᠨ ᠣᠷᠤᠭᠳᠠᠨ ᠤ ᠪᠣᠯᠪᠠᠰᠤᠨ


ᠡᠭᠡᠰᠢᠭ᠌ ᠳᠤᠯᠤᠭ᠎ᠠ ᠡᠴᠠ ᠡᠭᠢᠯᠡᠭ᠍ᠰᠡᠨ

ᠡᠷᠳᠡᠮ ᠪᠢᠯᠢᠭ᠌ ᠤᠨ ᠲᠦᠯᠭᠢᠭᠦᠷ


ᠡᠵᠢ ᠶᠢᠨ ᠰᠦ᠋ ᠶᠢᠨ ᠰᠢᠮ᠎ᠠ ᠳᠠᠢ

ᠡᠭᠡ ᠭᠡᠯᠡᠨ ᠤ ᠪᠢᠴᠢᠭ᠌


ᠨᠠᠳᠠ ᠶᠢ ᠨᠢᠳᠤ ᠣᠷᠤᠭᠤᠯᠤᠭᠰᠠᠨ

ᠨᠢᠷᠤᠭᠤᠨ ᠮᠤᠩᠭ᠋ᠤᠯ ᠳᠤᠯᠢ


ᠨᠢ᠋ᠮᠠᠨ ᠵᠠᠭᠤᠨ ᠢ ᠳᠠᠮᠵᠢᠭᠰᠠᠨ

ᠨᠠᠠᠳᠢᠨ ᠮᠤᠩᠭ᠋ᠤᠯ ᠰᠤᠶᠤᠯ


ᠮᠢᠩᠭ᠋ᠠᠨ ᠮᠢᠩᠭ᠋ᠠᠨ ᠢ ᠳᠠᠭᠤᠯᠠᠬᠤ

ᠢᠷᠡᠭᠡᠳᠦᠢ ᠳᠤ ᠭᠦᠷᠭᠦ ᠣᠨᠤᠭ᠎ᠠ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 3469
ᠴᠠᠭ᠄ 2012 ᠤᠨ ᠤ 04 ᠰᠠᠷ᠎ᠠ ᠶᠢᠨ 26