ᠮᠤᠩᠭ᠋ᠤᠯ ᠣᠷᠳᠤ ᠶᠢᠨ ᠳᠠᠭᠤᠤ

ᠣᠳᠤᠮᠰᠢᠯᠳᠤ ᠮᠤᠩᠭ᠋ᠤᠯ ᠤᠨ ᠰᠤᠶᠤᠯ ᠤᠨ ᠭᠦᠷᠦᠰᠤᠨ ᠳ᠋ᠤ

ᠦᠨᠳᠦᠰᠦᠯᠠᠨ ᠴᠡᠴᠡᠭᠯᠡᠵᠤ ᠦᠨᠢ ᠣᠳᠠᠭᠠᠨ ᠭᠢᠯᠠᠯᠵᠠᠭᠰᠠᠨ

ᠣᠶᠠᠩᠭ᠋ᠠᠷᠠᠨ ᠣᠶᠠᠩᠭ᠋ᠠᠷᠠᠬᠤ ᠣᠷᠳᠤ ᠶᠢᠨ ᠳᠠᠭᠤᠨ ᠳ᠋ᠠᠭᠠᠨ

ᠣᠤᠯ ᠡᠴᠡ ᠪᠠᠨ ᠪᠢ ᠣᠠᠴᠠ ᠬᠠᠢ᠌ᠷᠠᠳᠠᠢ

ᠣᠩᠭ᠋ᠤᠨ ᠪᠠᠢ᠌ᠭᠠᠯᠢ ᠶᠢᠨ ᠢᠷᠠᠭᠤᠬᠠᠨ ᠴᠤᠤᠷᠢᠶ᠎ᠠ ᠮᠠᠳᠤ

ᠦᠶ᠎ᠡ ᠶᠢᠨ ᠦᠶ᠎ᠡ ᠳᠠᠭᠤᠷᠢᠰᠴᠤ

ᠣᠰᠤᠨ ᠤ ᠳᠤᠩᠭ᠋ᠠᠯᠠᠭ ᠴᠡᠭᠡᠯᠭᠡᠨ ᠳᠤᠯᠭᠢᠶ᠎ᠠ ᠰᠢᠭ᠌

ᠣᠨ ᠣᠳᠠᠭᠠᠨ ᠰᠤᠪᠣᠷᠠᠭᠰᠠᠨ

ᠣᠷᠳᠤ ᠶᠢᠨ ᠳᠠᠭᠤᠤ ᠪᠠᠨ ᠰᠤᠨᠤᠰᠬᠤ ᠪᠦᠷᠢ

ᠵᠢᠷᠦᠭᠡ ᠰᠡᠳᠭᠢᠯ ᠳᠤᠭᠳᠤᠯᠤᠨ ᠳᠤᠭᠳᠤᠯᠵᠤ

ᠬᠠᠶᠠᠭ᠎ᠠ ᠨᠢ ᠳᠡᠯᠡᠷᠡᠭ᠍ᠰᠡᠨ ᠬᠠᠩᠭ᠋ᠠᠢ ᠳᠠᠯ᠎ᠠ

ᠨᠤᠮᠢᠨ ᠨᠤᠭᠤᠭᠠᠨ ᠶᠢᠡᠷ ᠬᠠᠯᠢᠭᠤᠷᠠᠵᠤ

ᠠᠷᠭᠠᠯ ᠤᠨ ᠴᠡᠩᠭᠡᠷ ᠣᠳᠤᠭ᠎ᠠ ᠰᠤᠭᠤᠨᠠᠭᠯᠠᠭᠰᠠᠨ

ᠮᠥᠩᠭᠦᠨ ᠴᠠᠭᠠᠨ ᠢᠰᠡᠭᠡᠢ ᠭᠡᠷ ᠤᠳ

ᠬᠠᠷᠠᠭᠠᠨ ᠳᠤ ᠳᠤᠳᠤᠷᠠᠬᠤ ᠰᠢᠭ ᠪᠣᠯᠳᠠᠭ ᠶᠤᠮ

ᠬᠠᠯᠠᠭᠤᠨ ᠵᠤᠷᠢᠭ ᠢ ᠭᠦᠪᠴᠢᠯᠡᠳᠡᠭ᠌ ᠶᠤᠮ

ᠣᠷᠳᠤ ᠶᠢᠨ ᠳᠠᠭᠤᠤ ᠪᠠᠨ ᠰᠤᠨᠤᠰᠤᠨ ᠰᠤᠭᠳᠤᠭᠤᠷᠠᠬᠤ ᠳ᠋ᠤ

ᠣᠶᠠᠩᠭ᠋ᠠᠳᠤ ᠰᠠᠢ᠌ᠬᠠᠨ ᠣᠷᠠᠨ ᠠᠶᠠᠯᠠᠭᠤ ᠨᠢ

ᠠᠶᠤᠤᠯᠢᠬᠠᠢ ᠴᠡᠭᠡᠵᠢ ᠶᠢ ᠣᠩᠭ᠋ᠣᠢ᠌ᠯᠭᠠᠵᠤ

ᠣᠷᠭ᠎ᠠ ᠳᠤᠯᠤᠭᠰᠠᠨ ᠠᠳᠤᠭᠤᠴᠢᠨ ᠵᠠᠯᠠᠭᠤ

ᠭᠦᠯᠦᠭ᠌ ᠤᠨ ᠨᠢᠷᠤᠭᠤᠨ ᠳᠤ ᠭᠦᠡᠳᠡᠯᠡᠰᠢᠵᠤ

ᠦᠨᠢᠷ ᠳᠠᠩᠰᠤᠭ ᠰᠥᠷᠦᠭ᠌ ᠤᠨ ᠶᠢᠡᠨ ᠳᠤᠮᠳᠠ

ᠢᠰᠭᠡᠷᠴᠤ ᠶᠠᠪᠣᠭ᠎ᠠ ᠰᠢᠭ ᠰᠠᠨᠠᠭᠳᠠᠳᠠᠭ ᠶᠤᠮ

ᠳᠡᠭ᠍ᠷᠢ ᠨᠢ ᠭᠦᠭᠡ᠂ ᠳᠠᠯ᠎ᠠ ᠨᠢ ᠨᠤᠭᠤᠭᠠᠨ ᠮᠤᠩᠭ᠋ᠤᠯ ᠠᠮᠢᠳᠤᠷᠠᠯ

ᠣᠷᠳᠤ ᠶᠢᠨ ᠳᠠᠭᠤᠨ ᠤ ᠣᠶᠠᠩᠭ᠋ᠠᠳᠤ ᠡᠭᠡᠰᠢᠭ᠌ ᠲᠤ ᠠᠭᠤᠰᠤᠭᠰᠠᠨ ᠪᠠᠢ᠌ᠳᠠᠭ

ᠳᠡᠷᠯᠢᠭ᠌ ᠨᠢ ᠣᠷᠳᠤ᠂ ᠪᠠᠶ᠎ᠠ ᠨᠢ ᠭᠦᠳᠡᠷ ᠮᠤᠩᠭ᠋ᠤᠯ ᠭᠦᠮᠦᠰ

ᠣᠷᠠᠨ ᠬᠤᠭᠤᠯᠠᠢ ᠪᠠᠷ ᠶᠢᠡᠨ ᠣᠷᠳᠤ ᠶᠢᠨ ᠳᠠᠭᠤᠤ ᠪᠠᠨ ᠣᠶᠠᠩᠭ᠋ᠠᠯᠠᠵᠤ ᠶᠠᠪᠣᠳᠠᠭ

ᠮᠤᠩᠭ᠋ᠤᠯ ᠨᠤᠳᠤᠭ ᠤᠨ ᠣᠩᠭ᠋ᠤᠨ ᠭᠦᠷᠦᠰᠤᠨ ᠳ᠋ᠤ

ᠣᠷᠳᠤ ᠶᠢᠨ ᠳᠠᠭᠤᠤ ᠰᠢᠮᠡᠳᠦᠭ᠍ᠰᠡᠨ ᠪᠠᠢ᠌ᠳᠠᠭ

ᠮᠤᠩᠭ᠋ᠤᠯ ᠨᠤᠳᠤᠭ ᠤᠨ ᠴᠡᠩᠭᠡᠭ᠌ ᠠᠭᠠᠷ ᠳᠤ

ᠣᠷᠳᠤ ᠶᠢᠨ ᠳᠠᠭᠤᠤ ᠰᠢᠩᠭᠡᠭ᠍ᠰᠡᠨ ᠪᠠᠢ᠌ᠳᠠᠭ

ᠮᠤᠩᠭ᠋ᠤᠯ ᠨᠤᠳᠤᠭ ᠤᠨ ᠳᠤᠩᠭ᠋ᠠᠯᠠᠭ ᠪᠦᠷᠢᠳᠤ ᠨᠢ

ᠣᠷᠳᠤ ᠶᠢᠨ ᠳᠠᠭᠤᠤ ᠶᠢ ᠣᠠᠳᠤᠷᠤᠭᠤᠯᠵᠤ ᠪᠠᠢ᠌ᠳᠠᠭ

ᠮᠤᠩᠭ᠋ᠤᠯ ᠨᠤᠳᠤᠭ ᠤᠨ ᠣᠷᠭᠤᠮᠠᠯ ᠴᠡᠴᠡᠭ᠌ ᠨᠢ

ᠣᠷᠳᠤ ᠶᠢᠨ ᠳᠠᠭᠤᠤ ᠶᠢ ᠠᠩᠭᠢᠯᠠᠭᠤᠯᠵᠤ ᠪᠠᠢ᠌ᠳᠠᠭ

ᠮᠤᠩᠭ᠋ᠤᠯ ᠠᠢ᠌ᠯ ᠤᠨ ᠳᠠᠷᠠᠭ ᠠᠢ᠌ᠷᠠᠭ ᠡᠴᠡ

ᠣᠷᠳᠤ ᠶᠢᠨ ᠳᠠᠭᠤᠤ ᠠᠮᠳᠠᠯᠠᠭᠳᠠᠵᠤ ᠪᠠᠢ᠌ᠳᠠᠭ

ᠮᠤᠩᠭ᠋ᠤᠯ ᠳᠠᠯ᠎ᠠ ᠶᠢᠨ ᠠᠳᠤᠭᠤᠨ ᠳᠦᠪᠠᠷᠭᠡᠨ

ᠣᠷᠳᠤ ᠶᠢᠨ ᠳᠠᠭᠤᠤ ᠰᠢᠭ ᠭᠦᠩᠭᠢᠨᠡᠵᠤ ᠪᠠᠢ᠌ᠳᠠᠭ

ᠮᠤᠩᠭ᠋ᠤᠯ ᠰᠤᠶᠤᠯ ᠤᠨ ᠳᠠᠷᠬᠠᠨ ᠭᠤᠯᠤᠮᠳᠠ ᠡᠴᠡ

ᠣᠷᠳᠤ ᠶᠢᠨ ᠳᠠᠭᠤᠤ ᠭᠡᠷᠡᠯᠳᠦᠵᠤ ᠪᠠᠢ᠌ᠳᠠᠭ

ᠮᠤᠩᠭ᠋ᠤᠯ ᠤᠨ ᠰᠠᠢ᠌ᠬᠠᠨ ᠵᠠᠩ ᠣᠢ᠌ᠯᠠ ᠵᠢ

ᠣᠷᠳᠤ ᠶᠢᠨ ᠳᠠᠭᠤᠤ ᠭᠡᠢ᠌ᠭᠦᠯᠵᠤ ᠪᠠᠢ᠌ᠳᠠᠭ

ᠮᠤᠩᠭ᠋ᠤᠯ ᠭᠦᠮᠤᠨ ᠶᠠᠷᠤ ᠡᠴᠡ ᠪᠠᠨ

ᠣᠷᠳᠤ ᠶᠢᠨ ᠳᠠᠭᠤᠨ ᠳᠠᠭᠠᠨ ᠬᠠᠢ᠌ᠷᠠᠳᠠᠢ ᠪᠠᠢ᠌ᠳᠠᠭ ᠶᠤᠮ

ᠮᠤᠷᠢᠨ ᠬᠤᠭᠤᠷ ᠶᠢᠡᠨ ᠭᠦᠩᠭᠢᠨᠡᠭᠦᠯᠤᠨ ᠭᠦᠭ᠍ᠵᠢᠮᠳᠡᠵᠤ

ᠣᠷᠳᠤ ᠶᠢᠨ ᠳᠠᠭᠤᠤ ᠪᠠᠨ ᠳᠠᠭᠤᠯᠠᠵᠤ ᠪᠠᠢ᠌ᠳᠠᠭ ᠶᠤᠮ

ᠣᠶᠠᠩᠭ᠋ᠠᠷᠠᠨ ᠣᠶᠠᠩᠭ᠋ᠠᠷᠠᠬᠤ ᠮᠤᠩᠭ᠋ᠤᠯ ᠣᠷᠳᠤ ᠶᠢᠨ ᠳᠠᠭᠤᠤ ᠮᠢᠨᠢ

ᠣᠯᠠᠮᠵᠢᠯᠠᠭᠳᠠᠨ ᠣᠯᠠᠮᠵᠢᠯᠠᠭᠳᠠᠵᠤ ᠮᠥᠩᠭᠡᠳᠡ ᠴᠤᠤᠷᠢᠶᠠᠳᠤᠬᠤ ᠪᠣᠯᠤᠭᠠᠰᠠᠢ

ᠮᠤᠷᠢᠳᠠᠨ ᠦᠨᠳᠦᠰᠦᠳᠠᠨ ᠤ ᠰᠦᠯᠳᠡ ᠭᠡᠢ᠌ᠮᠦᠷᠢ ᠶᠢ ᠪᠠᠳᠠᠷᠠᠭᠠᠵᠤ

ᠮᠥᠩᠭᠡ ᠭᠠᠯ ᠰᠢᠭ ᠶᠢᠡᠨ ᠡᠭᠦᠷᠢᠳᠡ ᠳᠦᠷᠡᠯᠵᠡᠵᠤ ᠪᠠᠢ᠌ᠭᠠᠰᠠᠢ


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠬᠠᠷᠢᠶ᠎ᠠ᠄ ᠰᠢᠯᠦᠭ
ᠳᠠᠷᠤᠮ᠄ 1800
ᠴᠠᠭ᠄ 2009 ᠤᠨ ᠤ 12 ᠰᠠᠷ᠎ᠠ ᠶᠢᠨ 22