ᠵᠠᠮ

ᠮᠠᠨᠤᠰ ᠰᠢᠭ ᠮᠠᠩᠬᠠᠨ ᠨᠤᠳᠤᠭ ᠲᠤ ᠳᠦᠷᠤᠵᠤ ᠦᠰᠦᠭ᠍ᠰᠡᠨ ᠭᠦᠮᠤᠨ ᠠᠩᠬ᠎ᠠ ᠭᠦᠯ ᠳᠤ ᠣᠷᠤᠬᠤ ᠳᠤ ᠪᠠᠨ ᠵᠠᠮ ᠭᠡᠳᠡᠭ᠌ ᠢ ᠬᠠᠮᠢᠭ᠎ᠠ ᠡᠴᠠ ᠮᠡᠳᠡᠭᠦ ᠪᠢᠯᠠ᠃ ᠰᠢᠷᠤᠢ ᠶᠢᠨ ᠭᠡᠷ ᠤᠨ ᠶᠢᠡᠨ ᠬᠠᠠᠵᠤᠨ ᠳᠡᠭᠡᠷ᠎ᠡ ᠪᠣᠶᠤ ᠭᠡᠷ ᠤᠨ ᠡᠷᠭᠢᠨ ᠳᠤᠭᠤᠷᠢᠨ ᠡᠯᠡᠰᠤᠨ ᠳᠡᠭᠡᠷ᠎ᠡ ᠮᠥᠯᠭᠦᠵᠤ ᠮᠠᠭᠠᠵᠢᠵᠤ ᠭᠦᠯ ᠳᠤ ᠣᠷᠤᠳᠠᠭ᠃ ᠮᠢᠨᠤ ᠬᠠᠮᠤᠭ ᠠᠩᠬ᠎ᠠ ᠣᠯᠵᠤ ᠳᠠᠨᠢᠭᠰᠠᠨ ᠵᠠᠮ ᠪᠣᠯ ᠭᠡᠷ ᠡᠴᠠ ᠬᠤᠳᠳᠤᠭ ᠭᠦᠷᠭᠦ ᠨᠠᠷᠢᠨ ᠴᠤᠪᠣᠭ᠎ᠠ ᠵᠠᠮ ᠪᠣᠯᠬᠤ ᠶᠤᠮ᠃ ᠳᠠᠷᠠ ᠦᠶ᠎ᠡ ᠳᠤ ᠪᠦᠭᠦ ᠠᠢ᠌ᠯ ᠤᠨ ᠳᠤᠮᠳᠠ ᠭᠠᠭᠴᠠᠬᠠᠨ ᠬᠤᠳᠳᠤᠭ ᠪᠠᠢ᠌ᠭᠰᠠᠨ ᠪᠣᠯᠬᠤᠷ ᠭᠡᠷ ᠪᠦᠷᠢ ᠶᠢᠨ ᠡᠭᠦᠳᠡᠨ ᠡᠴᠠ ᠬᠤᠳᠳᠤᠭ ᠭᠦᠷᠭᠦ ᠳᠤᠪ ᠳᠤᠳᠤᠷᠬᠠᠢ ᠨᠠᠷᠢᠨ ᠴᠤᠪᠣᠭ᠎ᠠ ᠵᠠᠮ ᠡᠪᠠᠰᠤ ᠲᠡᠶ ᠡᠯᠡᠰᠤ ᠲᠡᠶ ᠭᠠᠵᠠᠷ ᠳᠡᠭᠡᠷ᠎ᠡ ᠵᠤᠷᠠᠢ᠌ᠵᠤ ᠪᠠᠢ᠌ᠭᠰᠠᠨ ᠶᠤᠮ᠃ ᠳᠡᠳᠡᠭᠡᠷ ᠴᠤᠪᠣᠭ᠎ᠠ ᠵᠠᠮ ᠨᠤᠭᠤᠳ ᠨᠢ ᠭᠡᠷ ᠭᠡᠷ ᠡᠴᠠ ᠬᠤᠳᠳᠤᠭ ᠭᠦᠷᠭᠦ ᠠᠮᠢ ᠠᠮᠢᠵᠢᠷᠠᠯ ᠤᠨ ᠠᠩᠬᠠᠨ ᠤ ᠵᠠᠮ ᠪᠠᠰᠠ ᠴᠤ ᠠᠮᠢ ᠭᠤᠤᠯ ᠤᠨ ᠵᠠᠮ ᠪᠠᠢ᠌ᠭᠰᠠᠨ ᠠᠵᠢ᠃ ᠠᠢ᠌ᠯ ᠤᠨ ᠡᠵᠢ᠂ ᠠᠪᠣ᠂ ᠡᠭᠡᠴᠢ᠂ ᠠᠬ᠎ᠠ ᠨᠡᠷ ᠡᠳᠦᠷᠵᠢᠨ ᠬᠤᠶᠠᠷ ᠰᠠᠭᠤᠯᠭ᠎ᠠ ᠪᠠᠷ ᠭᠡᠷ ᠭᠡᠷ ᠵᠥᠭ᠌ ᠶᠢᠡᠨ ᠣᠰᠤ ᠳᠠᠮᠨᠠᠵᠤ ᠶᠠᠪᠣᠭᠰᠠᠭᠠᠷ ᠪᠠᠢ᠌ᠵᠤ ᠳᠠᠷᠠ ᠵᠠᠮ ᠢ ᠭᠠᠷᠭᠠᠭᠰᠠᠨ ᠶᠤᠮ᠃ ᠰᠡᠭᠦᠯ ᠤᠨ ᠦᠶ᠎ᠡ ᠳᠤ ᠪᠢᠴᠢᠭ᠌ ᠦᠵᠠᠵᠤ ᠬᠤᠯᠠ ᠶᠠᠪᠣᠭᠠᠤᠨ ᠪᠢ 《ᠠᠮᠢᠳᠤᠷᠠᠯ ᠳᠤ ᠵᠠᠮ ᠭᠡᠵᠤ ᠣᠤᠯ ᠡᠴᠠ ᠪᠠᠨ ᠪᠠᠢ᠌ᠭᠰᠠᠨ ᠦᠭᠡᠶ᠂ ᠭᠦᠮᠤᠨ ᠣᠯᠠᠨ ᠶᠠᠪᠣᠭᠰᠠᠭᠠᠷ ᠪᠠᠢ᠌ᠵᠤ ᠵᠠᠮ ᠭᠠᠷᠳᠠᠭ》 ᠭᠡᠳᠡᠭ᠌ ᠯᠤ ᠰᠢᠶᠦ᠋ᠨ ᠤ ᠥᠭᠡ ᠶᠢ ᠰᠠᠨᠠᠬᠤ ᠪᠦᠷᠢ ᠬᠠᠮᠤᠭ ᠣᠷᠢᠳᠠᠪᠠᠷ ᠭᠡᠷ ᠡᠴᠠ ᠬᠤᠳᠳᠤᠭ ᠭᠦᠷᠭᠦ ᠳᠠᠷᠠ ᠴᠤᠪᠣᠭ᠎ᠠ ᠵᠠᠮ ᠢ ᠪᠣᠳᠤᠵᠤ ᠣᠯᠳᠠᠭ ᠪᠠᠢ᠌ᠵᠤ ᠪᠢᠯᠠ᠃ ᠳᠠᠯᠠᠭᠠᠤᠨ ᠣᠨ ᠤ ᠰᠡᠭᠦᠯ ᠨᠠᠶᠠᠭᠠᠤᠨ ᠣᠨ ᠤ ᠡᠭᠢᠨ ᠶᠢᠡᠷ ᠳᠠᠷᠤᠭᠤᠯ ᠬᠤᠳᠳᠤᠭ ᠭᠠᠷᠴᠤ ᠢᠷᠡᠭ᠍ᠰᠡᠨ ᠡᠴᠠ ᠭᠡᠷ ᠪᠦᠷᠢ ᠡᠭᠦᠳᠡ ᠡᠭᠦᠳᠡᠨ ᠳᠡᠭᠡᠨ ᠳᠠᠷᠤᠭᠤᠯ ᠬᠤᠳᠳᠤᠭ ᠴᠤᠭᠢᠭᠰᠠᠨ ᠡᠴᠠ ᠠᠢ᠌ᠯ ᠤᠨ ᠳᠤᠮᠳᠠᠭᠢ ᠳᠡᠳᠡᠭᠡᠷ ᠭᠡᠷ ᠤᠳ ᠡᠴᠠ ᠬᠤᠳᠳᠤᠭ ᠭᠦᠷᠭᠦ ᠴᠤᠪᠣᠭ᠎ᠠ ᠵᠠᠮ ᠤᠳ ᠭᠦᠮᠦᠰ ᠲᠤ ᠮᠠᠷᠳᠠᠭᠳᠠᠵᠤ ᠬᠤᠵᠢᠮ ᠨᠢ ᠨᠢᠭᠡ ᠮᠡᠳᠡᠭᠦ ᠳᠤ ᠨᠢᠭᠡᠮᠦᠰᠤᠨ ᠠᠯᠠᠭ᠎ᠠ ᠪᠣᠯᠤᠭᠰᠠᠨ ᠶᠤᠮ᠃ ᠠᠮᠢ ᠪᠦᠷᠢ ᠡᠴᠠ ᠰᠠᠯᠵᠤ ᠪᠣᠯᠤᠰᠢ ᠦᠭᠡᠶ ᠴᠤᠷ ᠤᠨ ᠭᠠᠭᠴᠠ ᠳᠠᠷᠠ ᠬᠤᠳᠳᠤᠭ ᠴᠤ ᠭᠦᠮᠦᠰ ᠲᠤ ᠮᠠᠷᠳᠠᠭᠳᠠᠵᠤ ᠣᠷᠭᠢᠭᠳᠠᠵᠠᠢ᠃ ᠠᠮᠢᠨ ᠡᠴᠠ ᠣᠰᠤ ᠭᠦᠷᠭᠦ ᠵᠠᠮ ᠳᠡᠭᠡᠭᠡᠳ ᠯᠠ ᠪᠣᠭᠤᠨᠢᠰᠴᠤ ᠠᠯᠠᠭ᠎ᠠ ᠪᠣᠯᠵᠠᠢ ᠡ᠃ ᠠᠮᠢᠳᠤᠷᠠᠯ ᠭᠦᠭ᠍ᠵᠢᠭ᠍ᠰᠡᠨ ᠤ ᠭᠢ᠃

ᠵᠠᠮ ᠭᠡᠳᠡᠭ᠌ ᠢ ᠨᠢᠭᠡ ᠪᠣᠳᠤᠬᠤ ᠳᠤ ᠭᠦᠮᠤᠨ ᠤ ᠵᠤᠷᠢᠯᠭ᠎ᠠ ᠵᠤᠷᠢᠯᠳᠠ ᠶᠢᠨ ᠨᠥᠭᠦᠭᠡ ᠨᠢᠭᠡ ᠨᠠᠷ᠎ᠠ ᠪᠠᠢ᠌ᠭᠰᠠᠨ ᠭᠡᠯᠳᠡᠢ᠃ ᠵᠤᠷᠢᠵᠤ ᠣᠴᠢᠬᠤ ᠭᠡᠷᠡᠭ᠍ᠴᠡᠭᠡ ᠦᠭᠡᠶ ᠪᠣᠯᠬᠤ ᠪᠠᠷ ᠨᠢ ᠵᠤᠷᠠᠢ᠌ᠵᠤ ᠦᠯᠡᠳᠡᠭᠦ ᠵᠠᠮ ᠠᠯᠠᠭ᠎ᠠ ᠪᠣᠯᠳᠠᠭ ᠪᠠᠢ᠌ᠭᠰᠠᠨ ᠪᠢᠯᠢᠤ᠃

ᠨᠠᠰᠤ ᠨᠡᠮᠡᠭ᠍ᠳᠡᠵᠤ ᠪᠠᠶ᠎ᠠ ᠦᠰᠭᠦ ᠶᠢ ᠳᠠᠭᠠᠵᠤ ᠡᠪᠦᠯ ᠳᠡᠭᠡᠨ ᠭᠡᠷ ᠭᠡᠰᠦᠵᠤ ᠨᠠᠭᠠᠳᠴᠤ ᠭᠦᠶ‍ᠦᠳᠡᠭ᠌ ᠪᠣᠯᠪᠠᠴᠤ ᠵᠤᠨ ᠳᠠᠭᠠᠨ ᠳᠤᠭᠤᠯ ᠪᠢᠷᠠᠭᠤ ᠮᠠᠯ ᠣᠨᠤᠭ᠎ᠠ ᠭᠡᠵᠤ ᠳᠤᠮᠤᠴᠤᠯ ᠢ ᠬᠠᠪᠰᠤᠷᠴᠤ ᠠᠵᠢᠯ ᠭᠢᠳᠠᠯ ᠳᠤ ᠣᠷᠤᠳᠠᠭ ᠨᠢ ᠮᠠᠨ ᠤ ᠨᠤᠳᠤᠭ ᠤᠨ ᠬᠡᠦᠬᠡᠳ ᠪᠠᠭᠠᠴᠤᠤᠯ ᠤᠨ ᠨᠠᠢ᠌ᠳᠠ ᠶᠢᠨ ᠵᠠᠩ ᠠᠷᠠᠠᠰᠢᠨ ᠪᠢᠯᠠ᠃ ᠮᠠᠨ ᠤ ᠠᠢ᠌ᠯ ᠳᠤ ᠣᠯᠠᠨ ᠭᠡᠷ ᠲᠡᠶ᠃ ᠳᠡᠭᠡᠭᠦ ᠳᠤ ᠬᠤᠭᠤᠷᠤᠠᠳᠤ ᠪᠠᠨ ᠵᠥᠭᠡᠷ ᠰᠢᠭ᠌ ᠶᠠᠪᠣᠯᠴᠠᠭ᠎ᠠ ᠲᠡᠶ ᠭᠡᠷ ᠤᠳ ᠤᠨ ᠬᠤᠭᠤᠷᠤᠠᠳᠤ ᠰᠠ‍‌ᠶᠢ ᠨᠠᠷᠢᠨ ᠴᠤᠪᠣᠭ᠎ᠠ ᠵᠠᠮ ᠲᠡᠶ ᠪᠠᠢ᠌ᠪᠠ᠃ ᠭᠦᠮᠤᠨ ᠡᠨᠡ ᠬᠤᠷᠸ᠎ᠠ ᠳᠤ ᠳᠦᠷᠦᠭ᠍ᠰᠡᠨ ᠬᠣᠢ᠌ᠨ᠎ᠡ ᠭᠦᠮᠤᠨ ᠨᠢ ᠭᠦᠮᠤᠨ ᠳᠡᠭᠡᠨ ᠳᠠᠰᠬᠤ ᠨᠢ ᠭᠦᠮᠤᠨ ᠭᠦᠮᠤᠨ ᠤ ᠰᠡᠳᠭᠢᠯ ᠤᠨ ᠬᠤᠷᠸ᠎ᠠ ᠶᠢᠨ ᠬᠤᠭᠤᠷᠤᠠᠳᠤᠠᠭᠢ ᠦᠵᠡᠭ᠍ᠳᠡᠰᠢ ᠦᠭᠡᠶ ᠵᠠᠮ ᠰᠢᠵᠢᠮ ᠪᠠᠢ᠌ᠭᠰᠠᠨ ᠠᠵᠢ᠃ ᠨᠢᠭᠡ ᠨᠢᠭᠡ ᠳᠡᠭᠡᠨ ᠳᠡᠮᠡᠤᠯᠭᠦ ᠰᠡᠳᠭᠢᠯ ᠤᠨ ᠳᠠᠳᠠᠬᠤ ᠭᠦᠴᠤᠨ ᠦᠭᠡᠶ ᠶᠤᠮ ᠪᠣᠯ ᠨᠠᠢ᠌ᠳᠠ ᠳᠤ ᠦᠵᠡᠭ᠍ᠳᠡᠳᠡᠭ᠌ ᠵᠠᠮ ᠭᠠᠷᠳᠠᠭ ᠦᠭᠡᠶ ᠡ᠃ ᠵᠠᠮ ᠭᠡᠳᠡᠭ᠌ ᠦᠨᠡᠨᠳᠡᠭᠡᠨ ᠰᠡᠳᠭᠢᠯ ᠤᠨ ᠬᠠᠷᠢᠯᠴᠠᠭᠠᠨ ᠤ ᠨᠥᠭᠦᠭᠡ ᠨᠢᠭᠡ ᠨᠠᠷ᠎ᠠ ᠪᠠᠢ᠌ᠭᠰᠠᠨ ᠭᠡᠯᠳᠡᠢ᠃ ᠵᠠᠮ ᠪᠣᠯ ᠰᠡᠳᠭᠢᠯ ᠤᠨ ᠬᠤᠯᠪᠣᠭᠠᠰᠤ᠃ ᠵᠠᠮ ᠪᠣᠯ ᠬᠠᠢ᠌ᠷ᠎ᠠ ᠶᠢᠨ ᠭᠦᠴᠦᠰᠤ᠃

ᠡᠪᠠᠰᠤ ᠪᠠᠯᠴᠢᠭᠡᠷ ᠭᠦᠭᠡᠷᠡᠵᠤ ᠮᠠᠯ ᠣᠨᠤᠭ᠎ᠠ ᠲᠦᠯᠯᠡᠭ᠍ᠰᠡᠨ ᠳᠡᠯᠭᠡᠷ ᠵᠤᠨ ᠤ ᠰᠠᠢ᠌ᠬᠠᠨ ᠴᠠᠭ ᠲᠤ ᠬᠡᠦᠬᠡᠳ ᠤᠳ ᠪᠢᠳᠠ ᠳᠠᠩᠳᠠ ᠠᠢ᠌ᠯ ᠤᠨ ᠵᠠᠬ᠎ᠠ ᠶᠢᠨ ᠨᠠᠭᠤᠷ ᠤᠨ ᠣᠰᠤᠨ ᠳᠤ ᠨᠠᠭᠠᠳᠤᠨ᠎ᠠ᠃ ᠳᠠᠷᠠ ᠦᠶ᠎ᠡ ᠳᠤ ᠨᠠᠭᠤᠷ ᠣᠷᠤᠭᠤ ᠰᠤᠨᠤᠯᠵᠠᠬᠤ ᠵᠤᠷᠪᠤᠰ ᠵᠤᠷᠪᠤᠰ ᠮᠠᠯ ᠤᠨ ᠴᠤᠪᠣᠭ᠎ᠠ ᠪᠠᠷ ᠣᠰᠤ ᠣᠷᠤᠭᠤ ᠳᠡᠮᠡᠤᠯᠭᠦ ᠮᠠᠯ ᠰᠦᠷᠦᠭ᠌ ᠢ ᠣᠯᠵᠤ ᠬᠠᠷᠠᠨ᠎ᠠ᠃ ᠣᠳᠤ ᠳᠡᠭᠡᠭᠦ ᠳᠤ᠂ ᠠᠢ᠌ᠯ ᠤᠨ ᠵᠠᠬ᠎ᠠ ᠶᠢᠨ ᠨᠠᠭᠤᠷ ᠮᠢᠨᠢ ᠭᠡᠪ ᠶᠢᠡᠷ ᠶᠢᠡᠨ ᠪᠠᠢ᠌ᠭ᠎ᠠ ᠪᠣᠯᠪᠠᠴᠤ᠂ ᠮᠠᠨ ᠤ ᠨᠤᠳᠤᠭ ᠲᠤ ᠮᠠᠯ ᠤᠨ ᠴᠤᠪᠣᠭ᠎ᠠ ᠣᠭᠳᠤ ᠠᠯᠠᠭ᠎ᠠ ᠪᠣᠯᠵᠠᠢ᠃ ᠮᠠᠩᠬᠠᠨ ᠳᠡᠭᠡᠷ᠎ᠡ ᠮᠠᠯ ᠤᠨ ᠮᠦᠷ ᠴᠤ ᠠᠯᠠᠭ᠎ᠠ ᠪᠣᠯᠵᠠᠢ ᠡ᠃ ᠵᠠᠮ ᠭᠡᠳᠡᠭ᠌ ᠠᠮᠢᠳᠤᠷᠠᠯ ᠤᠨ ᠭᠡᠯᠪᠠᠷᠢ ᠶᠢᠨ ᠨᠥᠭᠦᠭᠡ ᠨᠢᠭᠡ ᠨᠠᠷᠠᠢ᠌ᠳᠤᠯ ᠪᠠᠢ᠌ᠭᠰᠠᠨ ᠴᠤ ᠪᠣᠯᠪᠠ ᠦᠦ ︖ ᠠᠮᠢᠳᠤᠷᠠᠯ ᠤᠨ ᠭᠡᠯᠪᠠᠷᠢ ᠶᠢᠨ ᠥᠭᠡᠷᠡᠳᠦᠯ ᠢ ᠳᠠᠭᠠᠯᠳᠤᠭᠠᠤᠨ ᠣᠤᠯ ᠨᠢ ᠪᠠᠢ᠌ᠵᠤ ᠪᠠᠢ᠌ᠭᠰᠠᠨ ᠵᠠᠮ ᠣᠳᠤ ᠠᠯᠠᠭ᠎ᠠ ᠪᠣᠯᠵᠠᠢ᠃

ᠠᠢ᠌ᠯ ᠤᠨ ᠮᠢᠨᠢ ᠳᠤᠮᠳᠠ ᠠᠷᠪᠢᠨ ᠵᠤᠷᠠᠢ᠌ᠳᠠᠭ ᠥᠭᠡᠷ᠎ᠡ ᠣᠯᠠᠨ ᠵᠤᠷᠪᠤᠰ ᠵᠠᠮ ᠭᠡᠪᠠᠯ᠂ ᠭᠡᠷ ᠭᠡᠷ ᠤᠨ ᠡᠭᠦᠳᠡᠨ ᠡᠴᠠ ᠰᠤᠷᠭᠠᠭᠤᠯᠢ ᠭᠦᠷᠭᠦ ᠴᠤᠪᠣᠭ᠎ᠠ ᠵᠠᠮ ᠪᠣᠯᠤᠨ᠎ᠠ᠃ ᠭᠡᠯᠡᠯᠭᠡᠨ ᠦᠭᠡᠶ ᠰᠤᠷᠭᠠᠭᠤᠯᠢ ᠳᠤ ᠰᠠᠭᠤᠭ᠎ᠠ ᠬᠡᠦᠬᠡᠳ ᠲᠡᠶ ᠠᠢ᠌ᠯ ᠤᠨ ᠡᠭᠦᠳᠡᠨ ᠡᠴᠠ ᠰᠠ‍‌ᠶᠢ ᠡᠨᠡ ᠵᠠᠮ ᠳᠤᠷᠠᠢ᠌ᠳᠠᠭ᠃ ᠨᠥᠭᠦᠭᠡᠰᠤ ᠬᠠᠯᠭᠠᠰᠤ ᠲᠡᠶ ᠪᠠᠨ ᠡᠮᠦᠰᠴᠤ ᠡᠵᠢ ᠨᠡᠷ ᠤᠨ ᠶᠢᠡᠨ ᠣᠶᠤᠭᠰᠠᠨ ᠪᠣᠷᠤ ᠪᠣᠷᠤᠭᠵᠢᠭᠤᠨ ᠪᠣᠭᠴᠤ ᠪᠣᠭᠴᠤ ᠪᠠᠨ ᠮᠦᠷᠦᠯᠡᠭ᠍ᠰᠡᠨ ᠠᠯᠢᠶ᠎ᠠ ᠳᠡᠭ᠍ᠵᠢᠨ ᠬᠡᠦᠬᠡᠳ ᠤᠳ ᠪᠢᠳᠠ ᠡᠷᠳᠡᠨ ᠡᠴᠠ᠂ ᠦᠳᠡ᠂ ᠣᠷᠤᠢ ᠡᠨᠡ ᠵᠠᠮ ᠶᠢᠡᠷ ᠳᠠᠭᠢᠨ ᠳᠠᠪᠳᠠᠨ ᠭᠦᠶ‍ᠦᠵᠤ ᠨᠠᠭᠠᠰᠢ ᠴᠠᠭᠠᠰᠢ ᠳᠤᠭᠯᠠᠨ ᠶᠠᠪᠣᠨ᠎ᠠ ᠡ᠃ ᠡᠵᠢ ᠠᠪᠣ ᠨᠡᠷ ᠮᠢᠨᠢ ᠬᠡᠦᠬᠡᠳ ᠶᠢᠡᠨ ᠰᠠᠢ᠌ᠨ ᠰᠤᠷᠴᠤ᠂ ᠬᠤᠯᠠ ᠶᠠᠪᠣᠵᠤ ᠶᠡᠭᠡ ᠶᠢ ᠦᠵᠠᠨ᠂ 《ᠪᠢᠴᠢᠭ᠌ ᠤᠨ ᠵᠠᠮ》 ᠶ᠋ᠢᠡᠷ ᠶᠠᠪᠣᠭ ᠡ ᠭᠡᠵᠤ ᠭᠦᠰᠡᠨ᠎ᠡ᠃ ᠳᠠᠷᠠ ᠵᠠᠮ ᠡᠵᠢ ᠠᠪᠣ ᠨᠡᠷ ᠤᠨ ᠮᠢᠨᠢ ᠭᠦᠰᠡᠯ ᠤᠨ ᠵᠠᠮ᠃ ᠬᠡᠦᠬᠡᠳ ᠪᠢᠳᠠᠨ ᠤ ᠰᠤᠶᠤᠯ ᠭᠡᠭᠡᠷᠡᠯ ᠤᠨ ᠵᠠᠮ᠃ 《ᠭᠡᠷ ᠭᠡᠷ ᠤᠨ ᠡᠭᠦᠳᠡᠨ ᠡᠴᠠ ᠪᠠᠭᠡᠵᠢᠩ ᠭᠦᠷᠭᠦ ᠵᠠᠮ》 ᠪᠠᠢ᠌ᠯ᠎ᠠ᠃ ᠵᠠᠮ ᠭᠡᠳᠡᠭ᠌ ᠪᠣᠯ ᠭᠦᠷᠭᠦ ᠶᠢᠨ ᠣᠯᠠᠨ ᠦᠷᠳᠡᠭᠡ᠂ ᠭᠦᠰᠡᠭᠦ ᠶᠢᠨ ᠭᠠᠭᠴᠠᠬᠠᠨ ᠴᠡᠭ᠌ ᠪᠠᠢ᠌ᠯ᠎ᠠ ᠡ ︕ ᠳᠠᠷᠠ ᠴᠡᠭ᠌ ᠲᠡᠭᠡᠨ ᠭᠦᠷᠪᠠᠯ ᠭᠦᠮᠤᠨ 《ᠦᠵᠦᠭᠦᠷ ᠭᠠᠷᠳᠠᠭ》 ᠲᠠᠭᠠᠨ ᠳᠤᠭᠠᠴᠠᠭᠳᠠᠨ᠎ᠠ᠃ ᠵᠠᠮ ᠤᠨ ᠭᠦᠵᠦᠭᠦᠤ ᠣᠷᠳᠤ ᠪᠠᠢ᠌ᠯ᠎ᠠ ︕

ᠵᠠᠮ ᠳᠤ ᠦᠨᠡᠨᠳᠡᠭᠡᠨ ᠬᠠᠮᠢᠭ᠎ᠠ ᠪᠠᠢ᠌ᠬᠤ ᠦᠵᠦᠭᠦᠷ ᠪᠣᠢ ︖ ᠵᠠᠮ ᠪᠣᠯ ᠳᠡᠷᠡᠭᠡᠨ ᠴᠢᠭ᠌ ᠶᠢᠡᠷ ᠶᠢᠡᠨ ᠪᠠᠷᠠᠭᠳᠠᠰᠢ ᠦᠭᠡᠶ ᠣᠷᠴᠢᠯᠠᠩ ᠡ᠃ ᠠᠢ᠌ᠯ ᠡᠴᠠ ᠠᠢ᠌ᠯ᠂ ᠠᠢ᠌ᠯ ᠡᠴᠠ ᠰᠤᠮᠤ᠂ ᠰᠤᠮᠤ ᠡᠴᠠ ᠰᠤᠮᠤ᠂ ᠰᠤᠮᠤ ᠡᠴᠠ ᠬᠤᠰᠢᠭᠤ᠂ ᠬᠤᠰᠢᠭᠤ ᠡᠴᠠ ᠠᠢ᠌ᠮᠠᠭ᠂ ᠠᠢ᠌ᠮᠠᠭ ᠡᠴᠠ ᠬᠤᠳᠠ᠂ ᠬᠤᠳᠠ ᠡᠴᠠ ᠣᠷᠤᠨ᠂ ᠣᠷᠤᠨ ᠡᠴᠠ ᠨᠠᠢ᠌ᠰᠯᠠᠯ᠂ ᠣᠯᠤᠰ ᠡᠴᠠ ᠣᠯᠤᠰ᠂ ᠪᠦᠮᠪᠦᠷᠴᠡᠭ᠌ ᠡᠴᠠ ᠳᠠᠭᠠᠭᠤᠯᠢ ᠣᠳᠤ᠂ ᠪᠦᠮᠪᠦᠷᠴᠡᠭ᠌ ᠡᠴᠠ ᠨᠠᠷᠠᠨ ᠰᠠᠷᠠᠨ᠂ ᠣᠳᠤᠨ᠂ ᠭᠠᠷᠠᠭ ᠵᠥᠭ᠌᠁ ᠴᠤᠪᠣᠭ᠎ᠠ ᠵᠠᠮ ᠡᠴᠠ ᠥᠭᠡᠷ ᠳᠡᠷᠭᠡᠨ ᠵᠠᠮ᠂ ᠴᠠᠷᠳᠠᠮᠠᠯ ᠵᠠᠮ᠂ ᠦᠨᠳᠦᠷ ᠬᠤᠷᠳᠤᠴᠠᠳᠤ ᠵᠠᠰᠠᠮᠠᠯ ᠵᠠᠮ᠂ ᠳᠠᠮᠤᠷ ᠵᠠᠮ᠂ ᠠᠭᠠᠷ ᠤᠨ ᠵᠠᠮ᠂ ᠣᠰᠤᠨ ᠵᠠᠮ᠂ ᠠᠭᠠᠷ ᠤᠨ ᠳᠤᠯᠭᠢᠶᠠᠨ ᠤ ᠵᠠᠮ᠁ ᠪᠢ ᠡᠴᠠ ᠳᠠ᠂ ᠳᠠ ᠡᠴᠠ ᠳᠠᠷᠠ᠂ ᠳᠠᠷᠠ ᠡᠴᠠ ᠳᠠᠳᠠ᠁ ᠰᠡᠳᠭᠢᠯ ᠡᠴᠠ ᠰᠡᠳᠭᠢᠯ ᠣᠷᠤᠭᠤ᠂ ᠵᠤᠷᠢᠯᠳᠠ ᠡᠴᠠ ᠵᠤᠷᠢᠯᠳᠠ ᠵᠥᠭ᠌᠂ ᠭᠦᠰᠡᠯᠡᠩ ᠡᠴᠠ ᠭᠦᠰᠡᠯᠡᠩ ᠥᠭᠡᠳᠡ᠁ ᠵᠠᠮ ᠳᠤ ᠦᠨᠡᠨᠳᠡᠭᠡᠨ ᠬᠠᠮᠢᠭ᠎ᠠ ᠪᠠᠢ᠌ᠬᠤ ᠦᠵᠦᠭᠦᠷ ᠭᠢᠵᠠᠭᠠᠷ ᠪᠠᠢ᠌ᠬᠤ ᠪᠣᠢ ︖ ᠵᠠᠮ ᠪᠣᠯ ᠳᠡᠷᠡᠭᠡᠨ ᠴᠢᠭ᠌ ᠶᠢᠡᠷ ᠶᠢᠡᠨ ᠣᠷᠴᠢᠯᠠᠩ ᠡ᠃

ᠣᠤᠯ ᠨᠢ ᠵᠠᠮ ᠣᠷᠳᠤ ᠪᠠᠢ᠌ᠭᠰᠠᠨ ᠶᠤᠮ᠃ ᠣᠳᠤ ᠵᠠᠮ ᠳᠤᠪᠴᠢ ᠪᠣᠯᠵᠠᠢ᠃ ᠥᠭᠡᠷ ᠳᠡᠷᠭᠡ ᠪᠠᠷ ᠭᠡᠳᠤᠨ ᠰᠠᠷ᠎ᠠ ᠶᠠᠪᠣᠬᠤ᠂ ᠭᠡᠳᠤᠨ ᠰᠠᠷ᠎ᠠ ᠪᠠᠷ ᠭᠦᠷᠭᠦ ᠠᠶᠠᠨ ᠢ ᠭᠠᠯᠳᠤ ᠳᠡᠷᠭᠡ ᠭᠠᠭᠴᠠᠬᠠᠨ ᠬᠤᠨᠤᠭ ᠴᠤ ᠶᠠᠪᠣᠯ ᠦᠭᠡᠶ ᠭᠦᠷᠤᠨ᠎ᠡ᠃ ᠨᠢᠰᠭᠡᠯ ᠭᠡᠳᠦᠭᠡᠨ ᠴᠠᠭ ᠴᠤ ᠪᠣᠯᠤᠯ ᠦᠭᠡᠶ ᠨᠠᠪᠳᠠ ᠭᠦᠷᠤᠨ᠎ᠡ᠃ ᠣᠤᠯ ᠨᠢ ᠵᠠᠮ ᠦᠵᠡᠭ᠍ᠳᠡᠭᠦ ᠪᠠᠢ᠌ᠵᠠᠢ᠃ ᠣᠳᠤ ᠵᠠᠮ ᠦᠵᠡᠭ᠍ᠳᠡᠭᠦ ᠦᠭᠡᠶ ᠴᠤ ᠪᠣᠯᠵᠠᠢ᠃ ᠣᠤᠯ ᠨᠢ ᠭᠦᠷᠦᠰᠢ ᠦᠭᠡᠶ ᠬᠤᠯᠠ ᠪᠦᠮᠪᠦᠷᠴᠡᠭ᠌ ᠤᠨ ᠴᠠᠭᠠᠨᠠᠭᠢ ᠣᠴᠢᠷ ᠢ ᠠᠭᠠᠷ ᠤᠨ ᠳᠤᠯᠭᠢᠶᠠᠨ ᠶᠢᠡᠷ ᠣᠳᠤ ᠳᠤᠤᠷ᠎ᠠ ᠨᠢ ᠮᠠᠳᠠᠵᠤ ᠣᠯᠤᠨ᠎ᠠ᠁ ᠡᠨᠡ ᠭᠦ ᠤᠳᠬ᠎ᠠ ᠠᠭᠤᠯᠭ᠎ᠠ ᠡᠴᠠ ᠨᠢ ᠭᠡᠯᠡᠪᠠᠯ 《ᠵᠠᠮ ᠤᠨ ᠭᠦᠵᠦᠭᠦᠤ》 ᠦᠨᠡᠨᠳᠡᠭᠡᠨ ᠣᠳᠤ 《ᠵᠠᠭᠠᠨ ᠤ ᠭᠦᠵᠦᠭᠦᠤ》 ᠡᠴᠠ ᠪᠣᠭᠤᠨᠢ ᠪᠣᠯᠵᠠᠢ ᠡ ︕


2010.2.28


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2968
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ